1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠳᠥᠴᠢᠨ ᠬᠣᠶᠠᠷ
 ᠠᠶᠤᠯ ᠠᠴᠠ ᠬᠠᠮᠠᠭᠠᠯᠠᠭᠠᠴᠢ
 ᠳ᠋ᠠᠸᠢᠳ᠋ ᠤᠨ ᠰᠤᠷᠭᠠᠯᠲᠤ ᠳᠠᠭᠤᠯᠠᠯ᠂ ᠠᠭᠤᠢ ᠳᠤ ᠪᠠᠢᠬᠤ ᠳᠠᠭᠠᠨ᠃ ᠳᠠᠭᠠᠳᠬᠠᠯ᠃

1 ᠳᠠᠭᠤ ᠮᠢᠨᠢ ᠶᠣᠬᠣᠸᠠ ᠥᠭᠡᠳᠡ ᠬᠠᠰᠬᠢᠷᠤᠨ᠎ᠠ ᠳᠠᠭᠤ ᠮᠢᠨᠢ ᠶᠣᠬᠣᠸᠠ ᠶᠢᠨ ᠲᠠᠭᠠᠯᠠᠯ ᠢ ᠭᠤᠶᠤᠨ᠎ᠠ᠂
2 ᠭᠣᠮᠣᠳᠠᠯ ᠢᠶᠠᠨ ᠲᠡᠭᠦᠨ ᠦ ᠣᠷᠣᠰᠢᠬᠤᠢ ᠳᠤ ᠠᠰᠬᠠᠵᠤ ᠭᠠᠰᠠᠯᠠᠩ ᠢᠶᠠᠨ ᠲᠡᠭᠦᠨ ᠦ ᠣᠷᠣᠰᠢᠬᠤᠢ ᠳᠤ ᠮᠡᠳᠡᠭᠦᠯᠦᠨ᠎ᠡ᠂
3 ᠰᠦᠨᠡᠰᠦ ᠮᠢᠨᠢ ᠮᠢᠨᠦ ᠳᠣᠲᠣᠷ᠎ᠠ ᠰᠤᠯᠠᠳᠠᠬᠤ ᠳᠤ ᠵᠠᠮ ᠢ ᠮᠢᠨᠢ ᠲᠠ ᠮᠡᠳᠡᠵᠦ ᠪᠠᠢᠭᠰᠠᠨ᠂ ᠶᠠᠪᠤᠬᠤ ᠵᠠᠮ ᠳᠡᠭᠡᠷ᠎ᠡ ᠮᠢᠨᠢ ᠲᠡᠳᠡ ᠮᠢᠨᠦ ᠡᠮᠦᠨ᠎ᠡ ᠤᠷᠠᠬ᠎ᠠ ᠨᠢᠭᠤᠵᠠᠢ᠂
4 ᠪᠠᠷᠠᠭᠤᠨ ᠲᠠᠯ᠎ᠠ ᠤᠷᠤᠭᠤ ᠮᠢᠨᠢ ᠬᠠᠷᠠᠭᠠᠳ ᠦᠵᠡᠭᠡᠴᠢ᠂ ᠨᠠᠮᠠᠶᠢ ᠠᠩ᠋ᠬᠠᠷᠬᠤ ᠬᠥᠮᠦᠨ ᠠᠯᠠᠭ᠎ᠠ᠂ ᠨᠠᠳᠠ ᠳᠤ ᠬᠣᠷᠭᠣᠳᠠᠬᠤ ᠭᠠᠵᠠᠷ ᠴᠤ ᠦᠯᠡᠳᠡᠭᠰᠡᠨ ᠦᠭᠡᠢ᠂ ᠨᠠᠮᠠᠶᠢ ᠣᠢᠰᠢᠶᠠᠬᠤ ᠬᠥᠮᠦᠨ ᠠᠯᠠᠭ᠎ᠠ᠃

5 ᠶᠣᠬᠣᠸᠠ᠂ ᠪᠢ ᠲᠠᠨ ᠤᠷᠤᠭᠤ ᠬᠠᠰᠬᠢᠷᠤᠨ᠎ᠠ᠄ 《ᠲᠠ ᠯᠠ ᠮᠢᠨᠦ ᠬᠣᠷᠭᠣᠳᠠᠬᠤ ᠭᠠᠵᠠᠷ ᠠᠮᠢᠳᠤ ᠶᠢᠨ ᠣᠷᠣᠨ ᠳᠠᠬᠢ ᠮᠢᠨᠦ ᠬᠤᠪᠢ》 ᠭᠡᠰᠡᠨ ᠶᠤᠮ᠂
6 ᠳᠠᠭᠤᠳᠠᠬᠤ ᠳᠠᠭᠤᠨ ᠳᠤ ᠮᠢᠨᠢ ᠴᠢᠬᠢ ᠲᠠᠯᠪᠢᠭᠠᠴᠢ᠂ ᠪᠢ ᠮᠠᠰᠢ ᠬᠦᠨᠳᠦ ᠪᠠᠢᠳᠠᠯ ᠳᠤ ᠣᠷᠣᠯ᠎ᠠ᠂ ᠮᠥᠰᠭᠢᠭ᠍ᠴᠢᠳ ᠡᠴᠡ ᠮᠢᠨᠢ ᠨᠠᠮᠠᠶᠢ ᠠᠪᠤᠷᠠᠭᠠᠴᠢ᠂ ᠲᠡᠳᠡ ᠮᠢᠨᠦ ᠬᠤᠪᠢ ᠳᠤ ᠳᠡᠩᠳᠡᠭᠦᠦ ᠬᠦᠴᠦᠲᠡᠢ᠂
7 ᠨᠠᠮᠠᠶᠢ ᠱᠣᠷᠣᠩ ᠠᠴᠠ ᠭᠠᠷᠭᠠᠭᠠᠴᠢ᠂ ᠲᠠᠨ ᠤ ᠨᠡᠷ᠎ᠡ ᠳᠦ ᠪᠢ ᠲᠠᠯᠠᠷᠬᠠᠯ ᠡᠷᠭᠦᠶ᠎ᠡ᠂ ᠲᠠ ᠨᠠᠳᠠ ᠳᠤ ᠥᠭᠭᠢᠶᠡᠮᠦᠷ ᠬᠠᠨᠳᠤᠬᠤ ᠤᠴᠢᠷ ᠵᠥᠪᠲᠡᠳ ᠨᠠᠮᠠᠶᠢ ᠬᠦᠷᠢᠶᠡᠯᠡᠨ᠎ᠡ᠃