1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠳᠥᠴᠢᠨ ᠳᠥᠷᠪᠡ
 ᠬᠠᠭᠠᠨ ᠤ ᠳᠠᠭᠠᠳᠬᠠᠯ
 ᠳ᠋ᠠᠸᠢᠳ᠋ ᠤᠨ ᠳᠠᠭᠤᠯᠠᠯ᠃

1 ᠭᠠᠷ ᠢ ᠮᠢᠨᠢ ᠳᠠᠢᠨ ᠳᠤ᠂ ᠬᠤᠷᠤᠭᠤ ᠶᠢ ᠮᠢᠨᠢ ᠲᠤᠯᠤᠯᠳᠤᠭᠠᠨ ᠳᠤ ᠪᠡᠯᠡᠳᠬᠡᠳᠡᠭ ᠮᠢᠨᠦ ᠬᠠᠳᠠ ᠶᠣᠬᠣᠸᠠ ᠮᠠᠭᠲᠠᠭᠳᠠᠬᠤ ᠪᠣᠯᠲᠤᠭᠠᠢ᠂
2 ᠲᠡᠷᠡ ᠪᠣᠯ ᠮᠢᠨᠦ ᠦᠨᠡᠨ ᠬᠠᠢᠷ᠎ᠠ᠂ ᠮᠢᠨᠦ ᠴᠠᠢᠵᠠ ᠮᠢᠨᠦ ᠪᠡᠬᠢᠯᠡᠯᠲᠡ᠂ ᠮᠢᠨᠦ ᠠᠪᠤᠷᠠᠭᠴᠢ ᠮᠢᠨᠦ ᠪᠠᠮᠪᠠᠢ᠂ ᠮᠢᠨᠦ ᠬᠣᠷᠭᠣᠳᠠᠬᠤ ᠭᠠᠵᠠᠷ ᠲᠡᠷᠡ ᠦᠨᠳᠦᠰᠦᠲᠡᠨ ᠨᠦᠭᠦᠳ ᠢ ᠮᠢᠨᠦ ᠡᠷᠬᠡᠰᠢᠶᠡᠯ ᠳᠦ ᠣᠷᠣᠭᠤᠯᠳᠠᠭ᠃
3 ᠶᠣᠬᠣᠸᠠ᠂ ᠬᠥᠮᠦᠨ ᠭᠡᠵᠦ ᠶᠠᠭᠤ ᠪᠣᠯᠣᠭᠠᠳ ᠲᠠ ᠲᠡᠭᠦᠨ ᠢ ᠮᠡᠳᠡᠳᠡᠭ ᠶᠤᠮ ᠪᠤᠢ︖ ᠬᠥᠮᠦᠨ ᠦ ᠬᠦᠦ ᠭᠡᠵᠦ ᠶᠠᠭᠤ ᠪᠣᠯᠣᠭᠠᠳ ᠲᠠ ᠲᠡᠭᠦᠨ ᠢ ᠲᠣᠭᠣᠳᠠᠭ ᠶᠤᠮ ᠪᠤᠢ︖
4 ᠬᠥᠮᠦᠨ ᠪᠣᠯ ᠨᠢᠭᠡ ᠠᠮᠢᠰᠬᠤᠯ᠂ ᠲᠡᠭᠦᠨ ᠦ ᠡᠳᠦᠷ ᠤᠳ ᠪᠣᠯ ᠥᠩᠭᠡᠷᠡᠵᠦ ᠪᠤᠢ ᠰᠡᠭᠦᠳᠡᠷ ᠰᠢᠭ ᠪᠢᠯᠡ᠃

5 ᠶᠣᠬᠣᠸᠠ᠂ ᠲᠩᠷᠢ ᠪᠠᠨ ᠪᠥᠬᠥᠢᠯᠭᠡᠵᠦ ᠪᠠᠭᠤᠨ ᠢᠷᠡᠭᠡᠳ ᠤᠲᠤᠭ᠎ᠠ ᠭᠠᠷᠭᠠᠭᠤᠯᠬᠤ ᠪᠠᠷ ᠠᠭᠤᠯᠠᠰ ᠲᠤ ᠬᠦᠷᠦᠭᠡᠴᠢ᠂
6 ᠠᠶᠤᠩ᠋ᠭ᠎ᠠ ᠴᠠᠬᠢᠯᠭᠠᠨ ᠶᠠᠪᠤᠭᠤᠯᠵᠤ᠂ ᠳᠠᠢᠰᠤᠨ ᠨᠤᠭᠤᠳ ᠢ ᠪᠤᠲᠠᠷᠠᠭᠤᠯᠤᠭᠠᠴᠢ ᠰᠤᠮᠤ ᠨᠤᠭᠤᠳ ᠢᠶᠠᠨ ᠬᠠᠷᠪᠤᠵᠤ᠂ ᠲᠡᠳᠡᠨ ᠢ ᠪᠤᠲᠠ ᠴᠣᠬᠢᠭᠠᠴᠢ᠂
7 ᠥᠨᠳᠥᠷ ᠳᠡᠭᠡᠷ᠎ᠡ ᠡᠴᠡ ᠮᠤᠲᠤᠷ ᠢᠶᠠᠨ ᠰᠤᠩ᠋ᠭᠠᠨ ᠨᠠᠮᠠᠶᠢ ᠶᠡᠬᠡ ᠤᠰᠤᠨ ᠠᠴᠠ᠂ ᠬᠠᠷᠢᠴᠤᠳ ᠤᠨ ᠭᠠᠷ ᠠᠴᠠ ᠴᠢᠯᠥᠭᠡᠯᠡᠨ ᠭᠠᠷᠭᠠᠭᠠᠴᠢ᠂
8 ᠲᠡᠳᠡᠨ ᠦ ᠠᠮᠠ ᠬᠤᠳᠠᠯ ᠶᠠᠷᠢᠵᠤ ᠪᠠᠷᠠᠭᠤᠨ ᠭᠠᠷ ᠨᠢ ᠪᠠᠴᠢ ᠲᠠᠢ᠃

9 ᠪᠤᠷᠬᠠᠨ᠂ ᠪᠢ ᠲᠠᠨ ᠳᠤ ᠰᠢᠨ᠎ᠡ ᠳᠠᠭᠤᠤ ᠡᠷᠭᠦᠨ᠎ᠡ ᠠᠷᠪᠠᠨ ᠤᠲᠠᠰᠤᠲᠤ ᠶᠠᠲᠤᠭ᠎ᠠ ᠪᠠᠷ ᠲᠠᠨ ᠢ ᠮᠠᠭᠲᠠᠨ᠎ᠠ᠂
10 ᠬᠠᠭᠠᠳ ᠲᠤ ᠢᠯᠠᠯᠲᠠ ᠶᠢ ᠰᠣᠶᠣᠷᠬᠠᠵᠤ ᠵᠠᠷᠤᠴᠠ ᠳ᠋ᠠᠸᠢᠳ᠋ ᠢᠶᠠᠨ ᠬᠥᠨᠥᠭᠡᠯᠲᠦ ᠢᠯᠳᠦᠨ ᠡᠴᠡ ᠲᠠ ᠠᠪᠤᠷᠠᠳᠠᠭ᠂
11 ᠲᠠ ᠨᠠᠮᠠᠶᠢ ᠬᠤᠳᠠᠯ ᠶᠠᠷᠢᠳᠠᠭ ᠠᠮᠠ ᠲᠠᠢ᠂ ᠬᠠᠭᠤᠷᠲᠠᠭ ᠪᠠᠷᠠᠭᠤᠨ ᠭᠠᠷ ᠲᠠᠢ᠂ ᠬᠠᠷᠢᠴᠤᠳ ᠤᠨ ᠭᠠᠷ ᠠᠴᠠ ᠰᠠᠯᠭᠠᠨ ᠴᠢᠯᠥᠭᠡᠯᠡᠭᠡᠴᠢ᠂

12 ᠲᠡᠭᠡᠪᠡᠯ ᠪᠢᠳᠡᠨ ᠦ ᠬᠥᠪᠡᠭᠦᠳ ᠵᠠᠯᠠᠭᠤ ᠳᠠᠭᠠᠨ ᠤᠷᠭᠤᠵᠤ ᠭᠦᠢᠴᠡᠭᠰᠡᠨ ᠤᠷᠭᠤᠮᠠᠯ ᠠᠳᠠᠯᠢ ᠪᠢᠳᠡᠨ ᠦ ᠥᠬᠢᠳ ᠣᠷᠳᠣᠨ ᠢ ᠴᠢᠮᠡᠬᠦ ᠪᠡᠷ ᠤᠷᠠᠯᠠᠭᠰᠠᠨ ᠪᠠᠭᠠᠨ᠎ᠠ ᠮᠡᠲᠦ ᠪᠣᠯᠣᠨ᠎ᠠ᠂
13 ᠪᠢᠳᠡᠨ ᠦ ᠬᠥᠮᠥᠷᠭᠡ ᠲᠥᠷᠥᠯ ᠲᠥᠷᠥᠯ ᠦᠨ ᠠᠮᠤ ᠪᠤᠳᠠᠭ᠎ᠠ ᠪᠠᠷ ᠳᠦᠭᠦᠷᠡᠩ ᠪᠢᠳᠡᠨ ᠦ ᠬᠣᠨᠢᠳ ᠲᠠᠯ᠎ᠠ ᠳᠡᠭᠡᠭᠦᠷ ᠮᠢᠩ᠋ᠭ᠎ᠠ ᠲᠦᠮᠡ ᠪᠡᠷ ᠦᠷᠡᠵᠢᠵᠦ
14 ᠪᠢᠳᠡᠨ ᠦ ᠦᠬᠡᠷ ᠤᠳ ᠳᠦᠭᠦᠷᠡᠩ ᠠᠴᠢᠶ᠎ᠠ ᠶᠢ ᠵᠥᠭᠡᠭᠡᠬᠦ ᠪᠣᠯᠣᠨ᠎ᠠ᠂ ᠴᠥᠮᠥᠷᠥᠯᠲᠡ᠂ ᠴᠥᠯᠡᠯᠭᠡ ᠦᠭᠡᠢ ᠪᠣᠯᠣᠨ᠎ᠠ ᠭᠤᠳᠤᠮᠵᠢ ᠨᠤᠭᠤᠳ ᠲᠤ ᠮᠢᠨᠢ ᠭᠠᠰᠢᠭᠤᠨ ᠴᠢᠷᠠᠯᠠᠭᠠᠨ ᠦᠭᠡᠢ ᠪᠣᠯᠣᠨ᠎ᠠ᠂
15 ᠡᠢᠮᠦ ᠠᠷᠠᠳ ᠲᠦᠮᠡᠨ ᠪᠤᠶᠠᠨ ᠲᠠᠢ︕ ᠶᠣᠬᠣᠸᠠ ᠶᠢ ᠪᠤᠷᠬᠠᠨ ᠢᠶᠠᠨ ᠪᠣᠯᠭᠠᠭᠰᠠᠨ ᠠᠷᠠᠳ ᠲᠦᠮᠡᠨ ᠪᠤᠶᠠᠨ ᠲᠠᠢ︕