ᠳᠠᠭᠤᠯᠠᠯ ᠠᠷᠪᠠᠨ ᠲᠠᠪᠤ
ᠪᠤᠷᠬᠠᠨ ᠤ ᠬᠦᠯᠢᠶᠡᠨ ᠠᠪᠳᠠᠭ ᠬᠥᠮᠦᠨ
ᠳ᠋ᠠᠸᠢᠳ᠋ ᠤᠨ ᠳᠠᠭᠤᠯᠠᠯ᠃
1 ᠶᠣᠬᠣᠸᠠ᠂ ᠲᠠᠨ ᠤ ᠴᠠᠴᠠᠷ ᠲᠤ ᠬᠡᠨ ᠪᠠᠢᠵᠤ ᠪᠣᠯᠬᠤ ᠪᠤᠢ︖ ᠲᠠᠨ ᠤ ᠠᠷᠢᠭᠤᠨ ᠠᠭᠤᠯᠠᠨ ᠳᠤ ᠬᠡᠨ ᠰᠠᠭᠤᠵᠤ ᠪᠣᠯᠬᠤ ᠪᠤᠢ︖
2 ᠪᠤᠷᠤᠭᠤ ᠦᠭᠡᠢ ᠠᠮᠢᠳᠤᠷᠠᠭᠴᠢ᠂ ᠵᠥᠪ ᠢ ᠦᠢᠯᠡᠳᠦᠭᠴᠢ ᠵᠢᠷᠦᠬᠡᠨ ᠡᠴᠡ ᠪᠡᠨ ᠦᠨᠡᠨ ᠢ ᠶᠠᠷᠢᠭᠴᠢ ᠬᠥᠮᠦᠨ᠂
3 ᠬᠡᠯᠡ ᠪᠡᠷ ᠢᠶᠠᠨ ᠭᠦᠳᠬᠡᠳᠡᠭ ᠦᠭᠡᠢ ᠬᠥᠷᠰᠢ ᠳᠡᠭᠡᠨ ᠮᠠᠭᠤ ᠶᠢ ᠦᠢᠯᠡᠳᠳᠡᠭ ᠦᠭᠡᠢ ᠠᠨᠳᠠ ᠪᠠᠨ ᠭᠤᠲᠤᠭᠠᠳᠠᠭ ᠦᠭᠡᠢ ᠬᠥᠮᠦᠨ᠂
4 ᠪᠦᠲᠦᠯ ᠦᠭᠡᠢ ᠶᠢ ᠪᠠᠰᠤᠮᠵᠢᠯᠠᠨ ᠬᠠᠷᠠᠵᠤ ᠶᠣᠬᠣᠸᠠ ᠠᠴᠠ ᠡᠮᠢᠶᠡᠭᠴᠢᠳ ᠢ ᠬᠦᠨᠳᠦᠯᠡᠨ ᠥᠪᠡᠷ ᠢᠶᠡᠨ ᠬᠣᠬᠢᠷᠠᠭᠰᠠᠨ ᠴᠤ ᠠᠨᠳᠠᠭᠠᠢᠯᠠᠭᠰᠠᠨ ᠠᠴᠠ ᠪᠠᠨ ᠪᠤᠴᠠᠳᠠᠭ ᠦᠭᠡᠢ ᠬᠥᠮᠦᠨ᠂
5 ᠮᠥᠩᠭᠥ ᠶᠢ ᠬᠦᠦ ᠲᠠᠢ ᠵᠢᠭᠡᠯᠡᠭᠦᠯᠳᠡᠭ ᠦᠭᠡᠢ ᠭᠡᠮ ᠦᠭᠡᠢ ᠬᠥᠮᠦᠨ ᠦ ᠲᠥᠯᠥᠭᠡ ᠬᠠᠬᠤᠤᠯᠢ ᠠᠪᠳᠠᠭ ᠦᠭᠡᠢ ᠬᠥᠮᠦᠨ ᠶᠤᠮ᠂ ᠡᠢᠨ ᠬᠦ ᠦᠢᠯᠡᠳᠦᠭᠴᠢ ᠨᠢ ᠬᠡᠵᠢᠶ᠎ᠡ ᠴᠤ ᠭᠠᠩ᠋ᠬᠤᠬᠤ ᠦᠭᠡᠢ᠃