ᠳᠠᠭᠤᠯᠠᠯ ᠵᠠᠭᠤ ᠨᠠᠢ᠌ᠮᠠ
ᠢᠯᠠᠯᠲᠠ ᠶᠢ ᠭᠤᠶᠤᠪᠠ
ᠳ᠋ᠠᠸᠢᠳ᠋ ᠤᠨ ᠳᠠᠭᠤᠯᠠᠯ᠂ ᠳᠠᠭᠤᠤ᠃
1 ᠪᠤᠷᠬᠠᠨ᠂ ᠵᠢᠷᠦᠬᠡ ᠮᠢᠨᠢ ᠪᠠᠲᠤ ᠪᠠᠢᠨ᠎ᠠ ᠪᠢ ᠳᠠᠭᠤᠯᠠᠨ᠎ᠠ᠂ ᠪᠦᠬᠦ ᠬᠦᠨᠳᠦᠳᠬᠡᠯ ᠲᠡᠢ ᠪᠠᠷ ᠮᠠᠭᠲᠠᠨ᠎ᠠ᠃
2 ᠶᠠᠲᠤᠭ᠎ᠠ ᠡ᠂ ᠬᠤᠭᠤᠷ ᠡ᠂ ᠰᠡᠷᠢᠭᠡᠴᠢ ᠪᠢ ᠦᠷ ᠦᠨ ᠭᠡᠭᠡ ᠶᠢ ᠰᠡᠷᠢᠭᠡᠨ᠎ᠡ᠂
3 ᠶᠣᠬᠣᠸᠠ᠂ ᠪᠢ ᠦᠨᠳᠦᠰᠦᠲᠡᠨ ᠨᠦᠭᠦᠳ ᠦᠨ ᠳᠤᠮᠳᠠ ᠲᠠᠨ ᠳᠤ ᠲᠠᠯᠠᠷᠬᠠᠨ᠎ᠠ ᠪᠢ ᠶᠠᠰᠤᠲᠠᠨ ᠨᠤᠭᠤᠳ ᠤᠨ ᠳᠤᠮᠳᠠ ᠲᠠᠨ ᠳᠤ ᠳᠠᠭᠤᠤ ᠡᠷᠭᠦᠨ᠎ᠡ᠃
4 ᠲᠠᠨ ᠤ ᠬᠠᠢᠷ᠎ᠠ ᠲᠩᠷᠢ ᠲᠤᠯᠤᠮ᠎ᠠ ᠠᠭᠤᠤ᠂ ᠲᠠᠨ ᠤ ᠦᠨᠡᠨ ᠡᠭᠦᠯᠡᠰ ᠲᠦ ᠬᠦᠷᠦᠨ᠎ᠡ᠃
5 ᠪᠤᠷᠬᠠᠨ ᠲᠠ ᠲᠩᠷᠢ ᠶᠢᠨ ᠳᠡᠭᠡᠭᠦᠷ ᠳᠡᠭᠡᠳᠦᠯᠡᠭᠳᠡᠵᠦ ᠲᠠᠨ ᠤ ᠴᠣᠭ ᠵᠢᠪᠬᠤᠯᠠᠩ ᠪᠦᠬᠦ ᠭᠠᠵᠠᠷ ᠤᠨ ᠳᠡᠭᠡᠭᠦᠷ ᠪᠠᠢᠭ᠃
6 ᠪᠢᠳᠡᠨ ᠦ ᠬᠢ ᠶᠢ ᠰᠣᠨᠣᠰᠣᠭᠠᠳ ᠪᠠᠷᠠᠭᠤᠨ ᠮᠤᠲᠤᠷ ᠢᠶᠠᠷ ᠢᠶᠠᠨ ᠠᠪᠤᠷᠠᠭᠠᠴᠢ ᠲᠠᠨ ᠤ ᠬᠠᠢᠷᠠᠲᠤ ᠨᠤᠭᠤᠳ ᠴᠢᠯᠥᠭᠡᠯᠡᠭᠳᠡᠨᠡ᠃
7 ᠪᠤᠷᠬᠠᠨ ᠠᠷᠢᠭᠤᠨ ᠭᠠᠵᠠᠷ ᠲᠠᠭᠠᠨ ᠠᠢᠯᠠᠳᠪᠠ᠂ ᠪᠢ ᠢᠯᠡᠵᠦ ᠱᠧᠬᠧᠮ ᠢ ᠬᠤᠪᠢᠶᠠᠨ᠂ ᠰᠦᠺᠣᠲ ᠤᠨ ᠬᠥᠨᠳᠡᠢ ᠶᠢ ᠬᠡᠮᠵᠢᠬᠦ ᠪᠣᠯᠣᠨ᠎ᠠ᠃
8 ᠭᠢᠯᠧᠶᠠᠳ᠋ ᠮᠢᠨᠦᠬᠢ᠂ ᠮᠠᠨᠠᠰᠧ ᠮᠢᠨᠦᠬᠢ ᠡᠹᠷᠠᠢᠮ ᠮᠢᠨᠦ ᠳᠤᠭᠤᠯᠠᠭ᠎ᠠ ᠶᠦᠳᠠ ᠮᠢᠨᠦ ᠲᠠᠶᠠᠭ᠃
9 ᠮᠣᠶᠠᠪ ᠮᠢᠨᠦ ᠤᠬᠢᠶᠠᠯᠭ᠎ᠠ ᠶᠢᠨ ᠰᠠᠪᠠ ᠡᠳᠣᠮ ᠤᠨ ᠳᠡᠭᠡᠷ᠎ᠡ ᠪᠢ ᠭᠤᠲᠤᠯ ᠢᠶᠠᠨ ᠰᠢᠳᠡᠨ᠎ᠡ ᠹᠢᠯᠢᠰᠲ ᠤᠨ ᠳᠡᠭᠡᠭᠦᠷ ᠪᠢ ᠤᠤᠬᠠᠢᠯᠠᠨᠠ᠃
10 ᠬᠡᠨ ᠨᠠᠮᠠᠶᠢ ᠪᠡᠬᠢᠯᠡᠯᠲᠡᠲᠦ ᠬᠣᠲᠠ ᠤᠷᠤᠭᠤ ᠠᠪᠴᠢᠷᠠᠬᠤ ᠪᠤᠢ︖ ᠬᠡᠨ ᠨᠠᠮᠠᠶᠢ ᠡᠳᠣᠮ ᠤᠷᠤᠭᠤ ᠬᠥᠲᠥᠯᠬᠦ ᠪᠤᠢ︖
11 ᠬᠠᠷᠢᠨ ᠪᠤᠷᠬᠠᠨ ᠲᠠ ᠪᠢᠳᠡᠨ ᠢ ᠣᠭᠣᠷᠣᠭᠰᠠᠨ ᠭᠡᠵᠢ ᠤᠤ︖ ᠪᠤᠷᠬᠠᠨ ᠲᠠ ᠪᠢᠳᠡᠨ ᠦ ᠴᠡᠷᠢᠭ ᠤᠳ ᠲᠠᠢ ᠬᠠᠮᠲᠤ ᠭᠠᠷᠬᠤ ᠦᠭᠡᠢ ᠭᠡᠵᠢ ᠤᠤ︖
12 ᠪᠢᠳᠡᠨ ᠢ ᠪᠡᠷᠬᠡ ᠡᠴᠡ ᠭᠠᠷᠭᠠᠨ ᠲᠤᠰᠠᠯᠠᠭᠠᠴᠢ᠂ ᠬᠥᠮᠦᠨ ᠦ ᠲᠤᠰᠠᠯᠠᠮᠵᠢ ᠬᠣᠭᠣᠰᠣᠨ ᠶᠤᠮ᠃
13 ᠪᠤᠷᠬᠠᠨ ᠤ ᠠᠴᠢ ᠪᠠᠷ ᠪᠢᠳᠡ ᠬᠦᠴᠦᠲᠡᠢ ᠦᠢᠯᠡᠳᠦᠨ᠎ᠡ ᠪᠢᠳᠡᠨ ᠦ ᠥᠰᠲᠡᠨ ᠨᠦᠭᠦᠳ ᠢ ᠲᠡᠷᠡ ᠥᠪᠡᠷ ᠢᠶᠡᠨ ᠭᠢᠰᠬᠢᠯᠡᠨ᠎ᠡ᠃