1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠲᠠᠪᠢᠨ ᠳᠣᠯᠣᠭ᠎ᠠ
 ᠪᠡᠷᠬᠡ ᠦᠶ᠎ᠡ ᠶᠢᠨ ᠢᠲᠡᠭᠡᠯᠲᠦ ᠭᠤᠶᠤᠯᠲᠠ
 ᠳ᠋ᠠᠸᠢᠳ᠋ ᠤᠨ ᠮᠢᠺᠲᠠᠮ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ 《ᠪᠦᠦ ᠤᠰᠠᠳᠬᠠᠭᠠᠴᠢ》 ᠶᠢᠨ ᠠᠶ᠎ᠠ ᠳᠡᠭᠡᠷ᠎ᠡ᠃ ᠳ᠋ᠠᠸᠢᠳ᠋ ᠰᠠᠦ᠋ᠯ ᠡᠴᠡ ᠨᠢᠭᠤᠭᠳᠠᠬᠤ ᠪᠠᠷ ᠠᠭᠤᠢ ᠳᠤ ᠪᠠᠢᠭᠰᠠᠨ ᠦᠶ᠎ᠡ ᠳᠦ᠃

1 ᠨᠠᠮᠠᠶᠢ ᠡᠨᠡᠷᠢᠭᠡᠴᠢ᠂ ᠪᠤᠷᠬᠠᠨ᠂ ᠨᠠᠮᠠᠶᠢ ᠡᠨᠡᠷᠢᠭᠡᠴᠢ᠂ ᠠᠮᠢ ᠮᠢᠨᠢ ᠲᠠᠨ ᠤ ᠳᠣᠲᠣᠷ᠎ᠠ ᠬᠣᠷᠭᠣᠲᠠᠯ᠎ᠠ ᠲᠠᠨ ᠤ ᠵᠢᠭᠦᠷ ᠦᠨ ᠰᠡᠭᠦᠳᠡᠷ ᠲᠦ ᠪᠢ ᠰᠦᠢᠷᠡᠯ ᠥᠩᠭᠡᠷᠡᠲᠡᠯ᠎ᠡ ᠬᠣᠷᠭᠣᠳᠠᠨ᠎ᠠ᠃
2 ᠪᠢ ᠬᠠᠮᠤᠭ ᠤᠨ ᠳᠡᠭᠡᠳᠦ ᠪᠤᠷᠬᠠᠨ ᠤᠷᠤᠭᠤ ᠮᠢᠨᠦ ᠲᠠᠯ᠎ᠠ ᠪᠠᠷ ᠬᠢ ᠪᠦᠬᠦᠨ ᠢ ᠪᠡᠶᠡᠯᠡᠭᠦᠯᠳᠡᠭ ᠪᠤᠷᠬᠠᠨ ᠤᠷᠤᠭᠤ ᠬᠠᠰᠬᠢᠷᠤᠨ᠎ᠠ᠃
3 ᠲᠡᠷᠡ ᠲᠩᠷᠢ ᠡᠴᠡ ᠢᠯᠡᠭᠡᠵᠦ ᠨᠠᠮᠠᠶᠢ ᠠᠪᠤᠷᠠᠨ᠎ᠠ ᠨᠠᠮᠠᠶᠢ ᠭᠢᠰᠬᠢᠯᠡᠭᠴᠢᠳ ᠢ ᠢᠴᠢᠭᠦᠷᠢ ᠳᠤ ᠣᠷᠣᠭᠤᠯᠤᠨ᠎ᠠ᠂
 
ᠰᠧᠯᠠ
ᠪᠤᠷᠬᠠᠨ ᠥᠪᠡᠷ ᠦᠨ ᠢᠶᠠᠨ ᠬᠠᠢᠷ᠎ᠠ ᠪᠠ ᠦᠨᠡᠨ ᠢ ᠢᠯᠡᠭᠡᠨ᠎ᠡ᠃

4 ᠠᠮᠢ ᠮᠢᠨᠢ ᠠᠷᠰᠯᠠᠨ ᠨᠤᠭᠤᠳ ᠤᠨ ᠳᠤᠮᠳᠠ ᠪᠠᠢᠨ᠎ᠠ ᠪᠢ ᠬᠥᠮᠦᠨ ᠦ ᠬᠥᠪᠡᠭᠦᠳ ᠪᠣᠯᠬᠤ ᠠᠷᠢᠶᠠᠲᠠᠳ ᠤᠨ ᠳᠤᠮᠳᠠ ᠬᠡᠪᠲᠡᠭᠰᠡᠨ ᠪᠠᠢᠨ᠎ᠠ᠃ ᠲᠡᠳᠡᠨ ᠦ ᠰᠢᠳᠦ ᠵᠢᠳᠠ ᠪᠤᠶᠤ ᠰᠤᠮᠤ ᠲᠡᠳᠡᠨ ᠦ ᠬᠡᠯᠡ ᠪᠣᠯ ᠬᠤᠷᠴᠠ ᠰᠡᠯᠡᠮ᠎ᠡ᠃
5 ᠪᠤᠷᠬᠠᠨ ᠲᠠ ᠲᠩᠷᠢ ᠶᠢᠨ ᠳᠡᠭᠡᠭᠦᠷ ᠳᠡᠭᠡᠳᠦᠯᠡᠭᠳᠡᠵᠦ ᠲᠠᠨ ᠤ ᠴᠣᠭ ᠵᠢᠪᠬᠤᠯᠠᠩ ᠪᠦᠬᠦ ᠭᠠᠵᠠᠷ ᠤᠨ ᠳᠡᠭᠡᠭᠦᠷ ᠪᠠᠢᠭ᠃
6 ᠲᠡᠳᠡ ᠬᠥᠯ ᠳᠤ ᠮᠢᠨᠢ ᠲᠣᠣᠷ ᠲᠠᠯᠪᠢᠪᠠ᠂ ᠰᠡᠳᠬᠢᠯ ᠮᠢᠨᠢ ᠮᠣᠬᠣᠪᠠ᠂ ᠲᠡᠳᠡ ᠮᠢᠨᠦ ᠡᠮᠦᠨ᠎ᠡ ᠨᠦᠬᠡ ᠤᠬᠤᠭᠰᠠᠨ ᠪᠣᠯᠪᠠᠴᠤ ᠥᠪᠡᠷᠰᠡᠳ ᠢᠶᠡᠨ ᠲᠡᠭᠦᠨ ᠳᠣᠲᠣᠷ᠎ᠠ ᠤᠨᠠᠵᠠᠭᠠᠪᠠ᠃
 
ᠰᠧᠯᠠ

7 ᠵᠢᠷᠦᠬᠡ ᠮᠢᠨᠢ ᠪᠠᠲᠤ᠂ ᠪᠤᠷᠬᠠᠨ᠂ ᠵᠢᠷᠦᠬᠡ ᠮᠢᠨᠢ ᠪᠠᠲᠤ ᠪᠢ ᠳᠠᠭᠤᠯᠠᠨ᠎ᠠ᠂ ᠪᠢ ᠠᠶ᠎ᠠ ᠪᠠᠷᠢᠨ᠎ᠠ᠃
8 ᠢᠷᠠᠭᠤ ᠠᠯᠳᠠᠷ ᠮᠢᠨᠢ᠂ ᠰᠡᠷᠢᠭᠡᠴᠢ︕ ᠶᠠᠲᠤᠭ᠎ᠠ ᠡ᠂ ᠬᠤᠭᠤᠷ ᠡ᠂ ᠰᠡᠷᠢᠭᠡᠴᠢ︕ ᠪᠢ ᠦᠷ ᠦᠨ ᠭᠡᠭᠡ ᠶᠢ ᠰᠡᠷᠢᠭᠡᠨ᠎ᠡ᠃
9 ᠡᠵᠡᠨ᠂ ᠪᠢ ᠦᠨᠳᠦᠰᠦᠲᠡᠨ ᠨᠦᠭᠦᠳ ᠦᠨ ᠳᠤᠮᠳᠠ ᠲᠠᠨ ᠳᠤ ᠲᠠᠯᠠᠷᠬᠠᠨ᠎ᠠ ᠪᠢ ᠶᠠᠰᠤᠲᠠᠨ ᠨᠤᠭᠤᠳ ᠤᠨ ᠳᠤᠮᠳᠠ ᠲᠠᠨ ᠳᠤ ᠳᠠᠭᠤᠤ ᠡᠷᠭᠦᠨ᠎ᠡ᠃
10 ᠲᠠᠨ ᠤ ᠬᠠᠢᠷ᠎ᠠ ᠲᠩᠷᠢ ᠲᠤᠯᠤᠮ᠎ᠠ ᠠᠭᠤᠤ ᠲᠠᠨ ᠤ ᠦᠨᠡᠨ ᠡᠭᠦᠯᠡᠰ ᠲᠦ ᠬᠦᠷᠦᠨ᠎ᠡ᠃
11 ᠪᠤᠷᠬᠠᠨ ᠲᠠ ᠲᠩᠷᠢ ᠶᠢᠨ ᠳᠡᠭᠡᠭᠦᠷ ᠳᠡᠭᠡᠳᠦᠯᠡᠭᠳᠡᠵᠦ ᠲᠠᠨ ᠤ ᠴᠣᠭ ᠵᠢᠪᠬᠤᠯᠠᠩ ᠪᠦᠬᠦ ᠭᠠᠵᠠᠷ ᠤᠨ ᠳᠡᠭᠡᠭᠦᠷ ᠪᠠᠢᠭ᠃