ᠳᠠᠭᠤᠯᠠᠯ ᠨᠠᠶᠠ ᠶᠢᠰᠦ
ᠪᠤᠷᠬᠠᠨ ᠤ ᠭᠡᠷ᠎ᠡ ᠶᠠᠭᠠᠬᠢᠭᠰᠠᠨ ᠪᠣᠯ
ᠡᠽᠷᠠ ᠬᠥᠮᠦᠨ ᠡᠲ᠋ᠠᠨ ᠤ ᠰᠤᠷᠭᠠᠯᠲᠤ ᠳᠠᠭᠤᠯᠠᠯ᠃
1 ᠡᠭᠦᠷᠢᠳᠡ ᠪᠢ ᠶᠣᠬᠣᠸᠠ ᠲᠠᠨ ᠤ ᠦᠨᠡᠨ ᠬᠠᠢᠷ᠎ᠠ ᠶᠢ ᠳᠠᠭᠤᠯᠠᠨ᠎ᠠ ᠦᠶ᠎ᠡ ᠶᠢᠨ ᠦᠶ᠎ᠡ ᠳᠦ ᠪᠢ ᠲᠠᠨ ᠤ ᠢᠲᠡᠭᠡᠮᠵᠢᠲᠡᠢ ᠶᠢ ᠠᠮᠠ ᠪᠠᠷ ᠢᠶᠠᠨ ᠮᠡᠳᠡᠭᠦᠯᠦᠨ᠎ᠡ᠃
2 ᠦᠨᠡᠬᠡᠷ ᠪᠢ 《ᠲᠠᠨ ᠤ ᠦᠨᠡᠨ ᠬᠠᠢᠷ᠎ᠠ ᠮᠥᠩᠬᠡᠳᠡ ᠪᠠᠲᠤ ᠲᠠᠨ ᠤ ᠢᠲᠡᠭᠡᠮᠵᠢᠲᠠᠢ ᠪᠠᠢᠳᠠᠯ ᠲᠩᠷᠢ ᠮᠡᠲᠦ ᠲᠣᠭᠲᠠᠭᠤᠨ》 ᠭᠡᠳᠡᠭ᠃
3 《ᠪᠢ ᠰᠣᠩ᠋ᠭᠣᠭᠰᠠᠨ ᠨᠢᠭᠡᠨ ᠲᠡᠢ ᠪᠡᠨ ᠭᠡᠷ᠎ᠡ ᠪᠠᠢᠭᠤᠯᠤᠭᠰᠠᠨ ᠪᠢ ᠵᠠᠷᠤᠴᠠ ᠳ᠋ᠠᠸᠢᠳ᠋ ᠲᠠᠭᠠᠨ ᠲᠠᠩ᠋ᠭᠠᠷᠢᠭᠯᠠᠨ
4 〈ᠪᠢ ᠴᠢᠨᠦ ᠦᠷ᠎ᠡ ᠬᠣᠢᠴᠢ ᠶᠢ ᠮᠥᠩᠬᠡᠳᠡ ᠲᠣᠭᠲᠠᠭᠠᠵᠤ ᠴᠢᠨᠦ ᠬᠠᠭᠠᠨ ᠰᠠᠭᠤᠳᠠᠯ ᠢ ᠦᠶ᠎ᠡ ᠶᠢᠨ ᠦᠶ᠎ᠡ ᠳᠦ ᠪᠠᠲᠤᠵᠢᠭᠤᠯᠤᠨ᠎ᠠ〉 ᠭᠡᠰᠡᠨ᠃》
ᠰᠧᠯᠠ
5 ᠶᠣᠬᠣᠸᠠ᠂ ᠲᠩᠷᠢ ᠶᠢᠨ ᠬᠢᠨ ᠲᠠᠨ ᠤ ᠭᠠᠢᠬᠠᠮᠰᠢᠭ ᠤᠳ ᠢ ᠮᠠᠭᠲᠠᠨ᠎ᠠ ᠠᠷᠢᠭᠤᠨ ᠪᠦᠬᠦᠨ ᠦ ᠴᠢᠭᠤᠯᠭᠠᠨ ᠳᠤ ᠲᠠᠨ ᠤ ᠢᠲᠡᠭᠡᠮᠵᠢᠲᠠᠢ ᠶᠢ ᠮᠠᠭᠲᠠᠨ᠎ᠠ᠃
6 ᠣᠭᠲᠠᠷᠭᠤᠢ ᠳᠠᠬᠢ ᠬᠡᠨ ᠢ ᠶᠣᠬᠣᠸᠠ ᠲᠠᠢ ᠬᠠᠷᠢᠴᠠᠭᠤᠯᠵᠤ ᠪᠣᠯᠬᠤ ᠪᠤᠢ︖ ᠪᠤᠷᠬᠠᠨ ᠤ ᠬᠥᠪᠡᠭᠦᠳ ᠦᠨ ᠳᠤᠮᠳᠠ ᠠᠴᠠ ᠬᠡᠨ ᠨᠢ ᠶᠣᠬᠣᠸᠠ ᠲᠠᠢ ᠠᠳᠠᠯᠢ ᠪᠤᠢ︖
7 ᠲᠡᠷᠡ ᠪᠣᠯ ᠠᠷᠢᠭᠤᠨ ᠪᠦᠬᠦᠨ ᠦ ᠴᠢᠭᠤᠯᠭᠠᠨ ᠤ ᠶᠡᠬᠡᠳᠡ ᠡᠮᠢᠶᠡᠭᠦᠰᠢᠲᠡᠢ ᠨᠢᠭᠡᠨ ᠡᠷᠭᠢᠨ ᠲᠣᠭᠣᠷᠢᠨ ᠤ ᠪᠠᠨ ᠪᠦᠬᠦᠨ ᠦ ᠳᠡᠭᠡᠷᠡᠬᠢ ᠰᠦᠷᠳᠡᠮᠡᠷ ᠪᠤᠷᠬᠠᠨ ᠶᠤᠮ᠃
8 ᠠᠤᠭ᠎ᠠ ᠬᠦᠴᠦᠲᠦ ᠪᠤᠷᠬᠠᠨ ᠶᠣᠬᠣᠸᠠ᠂ ᠬᠡᠨ ᠲᠠᠨ ᠲᠠᠢ ᠠᠳᠠᠯᠢ ᠪᠤᠢ︖ ᠶᠣᠬᠣᠸᠠ ᠲᠠ ᠬᠦᠴᠦ ᠲᠠᠢ᠂ ᠲᠠᠨ ᠤ ᠢᠲᠡᠭᠡᠮᠵᠢᠲᠠᠢ ᠪᠠᠢᠳᠠᠯ ᠲᠠᠨ ᠢ ᠬᠦᠷᠢᠶᠡᠯᠡᠨ ᠪᠠᠢᠳᠠᠭ᠃
9 ᠲᠠ ᠳᠣᠭᠰᠢᠨ ᠳᠠᠯᠠᠢ ᠶᠢ ᠵᠠᠬᠢᠷᠳᠠᠭ ᠳᠠᠪᠠᠯᠭᠠᠨ ᠪᠣᠰᠬᠤ ᠳᠤ ᠲᠠ ᠨᠣᠮᠣᠬᠠᠷᠠᠭᠤᠯᠤᠨᠠ᠃
10 ᠲᠠ ᠷᠠᠬᠠᠪ ᠢ ᠴᠣᠬᠢᠵᠤ᠂ ᠬᠡᠭᠦᠷ ᠮᠡᠲᠦ ᠪᠣᠯᠭᠠᠭᠰᠠᠨ ᠲᠠ ᠳᠠᠢᠰᠤᠨ ᠨᠤᠭᠤᠳ ᠢᠶᠠᠨ ᠬᠦᠴᠦᠲᠦ ᠮᠤᠲᠤᠷ ᠢᠶᠠᠷ ᠢᠶᠠᠨ ᠰᠠᠷᠨᠢᠭᠤᠯᠤᠭᠰᠠᠨ᠃
11 ᠲᠩᠷᠢ ᠲᠠᠨ ᠤ ᠬᠢ᠂ ᠭᠠᠵᠠᠷ ᠴᠤ ᠲᠠᠨ ᠤ ᠬᠢ︕ ᠳᠡᠯᠡᠬᠡᠢ ᠪᠠ ᠲᠡᠭᠦᠨ ᠦ ᠳᠣᠲᠣᠷᠠᠬᠢ ᠪᠦᠬᠦᠨ ᠢ ᠲᠠ ᠲᠣᠭᠲᠠᠭᠠᠭᠰᠠᠨ᠃
12 ᠲᠠ ᠡᠮᠦᠨᠡᠲᠦ ᠪᠠ ᠤᠮᠠᠷᠠᠲᠤ ᠶᠢ ᠪᠦᠲᠦᠭᠡᠭᠰᠡᠨ ᠲᠠᠪᠣᠷ ᠪᠠ ᠾᠧᠷᠮᠣᠨ ᠲᠠᠨ ᠤ ᠨᠡᠷ᠎ᠡ ᠪᠡᠷ ᠪᠠᠶᠠᠷᠯᠠᠨ ᠳᠠᠭᠤᠯᠠᠨ᠎ᠠ᠃
13 ᠲᠠ ᠬᠦᠴᠦᠷᠬᠡᠭ ᠭᠠᠷ ᠲᠠᠢ ᠲᠠᠨ ᠤ ᠨᠢᠳᠤᠷᠭ᠎ᠠ ᠴᠢᠳᠠᠯ ᠲᠠᠢ ᠲᠠᠨ ᠤ ᠪᠠᠷᠠᠭᠤᠨ ᠮᠤᠲᠤᠷ ᠡᠷᠭᠦᠭᠳᠡᠭᠰᠡᠨ ᠪᠠᠢᠳᠠᠭ᠂
14 ᠵᠥᠪ ᠰᠢᠳᠤᠷᠭᠤ ᠨᠢ ᠲᠠᠨ ᠤ ᠰᠡᠨᠲᠢ ᠶᠢᠨ ᠰᠠᠭᠤᠷᠢ ᠬᠠᠢᠷ᠎ᠠ ᠬᠢᠭᠡᠳ ᠦᠨᠡᠨ ᠲᠠᠨ ᠤ ᠡᠮᠦᠨ᠎ᠡ ᠶᠠᠪᠤᠨ᠎ᠠ᠂
15 ᠪᠠᠶᠠᠷᠯᠠᠨ ᠤᠤᠬᠠᠢᠯᠠᠬᠤ ᠶᠢ ᠮᠡᠳᠡᠳᠡᠭ ᠡᠨᠡ ᠠᠷᠠᠳ ᠲᠦᠮᠡᠨ ᠪᠤᠶᠠᠨ ᠲᠠᠢ︕ ᠲᠡᠳᠡ ᠶᠣᠬᠣᠸᠠ ᠲᠠᠨ ᠤ ᠨᠢᠭᠤᠷ ᠤᠨ ᠭᠡᠷᠡᠯ ᠳᠣᠲᠣᠷ᠎ᠠ ᠠᠯᠬᠤᠨ᠎ᠠ᠃
16 ᠲᠠᠨ ᠤ ᠨᠡᠷ᠎ᠡ ᠪᠡᠷ ᠡᠳᠦᠷᠵᠢᠨ ᠪᠠᠶᠠᠷᠯᠠᠵᠤ ᠲᠠᠨ ᠤ ᠵᠥᠪᠲᠥᠭᠡᠯ ᠢᠶᠡᠷ ᠡᠷᠭᠦᠮᠵᠢᠯᠡᠭᠳᠡᠨ᠎ᠡ᠃
17 ᠲᠠ ᠲᠡᠳᠡᠨ ᠦ ᠵᠢᠪᠬᠤᠯᠠᠩᠲᠤ ᠬᠦᠴᠦ ᠲᠠᠨ ᠤ ᠲᠠᠭᠠᠯᠠᠯ ᠢᠶᠠᠷ ᠪᠢᠳᠡᠨ ᠦ ᠡᠪᠡᠷ ᠡᠷᠭᠦᠮᠵᠢᠯᠡᠭᠳᠡᠨ᠎ᠡ᠃
18 ᠪᠢᠳᠡᠨ ᠦ ᠪᠠᠮᠪᠠᠢ ᠶᠣᠬᠣᠸᠠ ᠶᠢᠨ ᠬᠢ ᠪᠢᠳᠡᠨ ᠦ ᠬᠠᠭᠠᠨ ᠢᠰᠷᠧᠯ ᠤᠨ ᠠᠷᠢᠭᠤᠨ ᠨᠢᠭᠡᠨ ᠦ ᠬᠢ᠃
19 ᠤᠤᠯ ᠨᠢ ᠲᠠ ᠦᠨᠡᠨᠴᠢ ᠬᠥᠮᠦᠰ ᠲᠡᠭᠡᠨ ᠦᠵᠡᠭᠳᠡᠯ ᠳᠣᠲᠣᠷ᠎ᠠ ᠠᠢᠯᠠᠳᠴᠤ 《ᠪᠢ ᠨᠢᠭᠡᠨ ᠪᠠᠭᠠᠲᠤᠷ ᠲᠤ ᠲᠤᠰᠠᠯᠠᠮᠵᠢ ᠦᠵᠡᠭᠦᠯᠦᠭᠰᠡᠨ ᠪᠢ ᠠᠷᠠᠳ ᠣᠯᠠᠨ ᠠᠴᠠ ᠰᠢᠯᠢᠭᠰᠡᠨ ᠨᠢᠭᠡᠨ ᠢᠶᠡᠨ ᠡᠷᠭᠦᠮᠵᠢᠯᠡᠭᠰᠡᠨ᠃
20 ᠪᠢ ᠵᠠᠷᠤᠴᠠ ᠳ᠋ᠠᠸᠢᠳ᠋ ᠢᠶᠠᠨ ᠣᠯᠵᠤ ᠠᠷᠢᠭᠤᠨ ᠲᠣᠰᠣ ᠪᠠᠷ ᠢᠶᠠᠨ ᠲᠡᠭᠦᠨ ᠢ ᠲᠣᠰᠣᠯᠠᠭᠰᠠᠨ᠃
21 ᠭᠠᠷ ᠮᠢᠨᠢ ᠲᠡᠭᠦᠨ ᠲᠡᠢ ᠬᠠᠮᠲᠤ ᠪᠠᠢᠭᠰᠠᠭᠠᠷ ᠮᠤᠲᠤᠷ ᠮᠢᠨᠢ ᠲᠡᠭᠦᠨ ᠢ ᠪᠠᠲᠤᠵᠢᠭᠤᠯᠤᠨ᠎ᠠ᠃
22 ᠥᠰᠲᠡᠨ ᠲᠡᠭᠦᠨ ᠢ ᠮᠡᠬᠡᠯᠡᠵᠦ ᠴᠢᠳᠠᠬᠤ ᠦᠭᠡᠢ ᠵᠥᠪ ᠪᠤᠰᠤ ᠨᠢᠭᠡᠨ ᠨᠢ ᠲᠡᠭᠦᠨ ᠢ ᠵᠣᠪᠠᠭᠠᠵᠤ ᠴᠢᠳᠠᠬᠤ ᠦᠭᠡᠢ᠃
23 ᠥᠰᠲᠡᠨ ᠨᠦᠭᠦᠳ ᠢ ᠨᠢ ᠪᠢ ᠲᠡᠭᠦᠨ ᠦ ᠡᠮᠦᠨ᠎ᠡ ᠪᠢᠴᠠᠯᠵᠤ ᠦᠵᠡᠨ ᠶᠠᠳᠠᠭᠴᠢᠳ ᠢ ᠨᠢ ᠪᠤᠲᠠ ᠴᠣᠬᠢᠨ᠎ᠠ᠃
24 ᠦᠨᠡᠨ ᠪᠠ ᠬᠠᠢᠷ᠎ᠠ ᠮᠢᠨᠢ ᠲᠡᠭᠦᠨ ᠲᠡᠢ ᠬᠠᠮᠲᠤ ᠪᠠᠢᠨ᠎ᠠ ᠲᠡᠭᠦᠨ ᠦ ᠡᠪᠡᠷ ᠮᠢᠨᠦ ᠨᠡᠷ᠎ᠡ ᠪᠡᠷ ᠡᠷᠭᠦᠮᠵᠢᠯᠡᠭᠳᠡᠨ᠎ᠡ᠃
25 ᠪᠢ ᠭᠠᠷ ᠢ ᠨᠢ ᠳᠠᠯᠠᠢ ᠳᠡᠭᠡᠭᠦᠷ ᠪᠠᠷᠠᠭᠤᠨ ᠭᠠᠷ ᠢ ᠨᠢ ᠭᠣᠣᠯ ᠮᠥᠷᠡᠨ ᠳᠡᠭᠡᠭᠦᠷ ᠰᠤᠩ᠋ᠭᠠᠯᠭᠠᠨᠠ᠃
26 ᠲᠡᠷᠡ ᠨᠠᠮᠠᠶᠢ 《ᠲᠠ ᠪᠣᠯ ᠮᠢᠨᠦ ᠡᠴᠢᠭᠡ ᠮᠢᠨᠦ ᠪᠤᠷᠬᠠᠨ᠂ ᠮᠢᠨᠦ ᠠᠪᠤᠷᠠᠯ ᠤᠨ ᠬᠠᠳᠠ》 ᠭᠡᠵᠦ ᠳᠠᠭᠤᠳᠠᠬᠤ ᠪᠥᠭᠡᠳ
27 ᠪᠢ ᠮᠥᠨ ᠲᠡᠭᠦᠨ ᠢ ᠤᠤᠭᠠᠨ ᠬᠦᠦ᠂ ᠭᠠᠵᠠᠷ ᠤᠨ ᠬᠠᠭᠠᠳ ᠤᠨ ᠬᠠᠮᠤᠭ ᠤᠨ ᠳᠡᠭᠡᠳᠦ ᠪᠣᠯᠭᠠᠨ᠎ᠠ᠃
28 ᠮᠢᠨᠦ ᠦᠨᠡᠨ ᠬᠠᠢᠷ᠎ᠠ ᠬᠡᠵᠢᠶᠡᠳᠡ ᠲᠡᠭᠦᠨ ᠲᠡᠢ ᠬᠠᠮᠲᠤ ᠪᠠᠢᠵᠤ ᠪᠠᠢᠵᠤ ᠭᠡᠷ᠎ᠡ ᠮᠢᠨᠢ ᠲᠡᠭᠦᠨ ᠳᠦ ᠪᠠᠲᠤ ᠪᠠᠢᠬᠤ ᠪᠣᠯᠣᠨ᠎ᠠ᠃
29 ᠪᠢ ᠦᠷ᠎ᠡ ᠤᠳᠤᠮ ᠢ ᠨᠢ ᠡᠭᠦᠷᠢᠳᠡ ᠲᠣᠭᠲᠠᠭᠠᠨ ᠰᠡᠨᠲᠢ ᠶᠢᠨ ᠬᠢᠨᠢ ᠡᠳᠦᠷ ᠤᠳ ᠢ ᠲᠩᠷᠢ ᠶᠢᠨ ᠡᠳᠦᠷ ᠤᠳ ᠮᠡᠲᠦ ᠪᠣᠯᠭᠠᠨ᠎ᠠ᠃
30 ᠬᠡᠷᠪᠡ ᠲᠡᠭᠦᠨ ᠦ ᠬᠥᠪᠡᠭᠦᠳ ᠬᠠᠤᠯᠢ ᠶᠢ ᠮᠢᠨᠢ ᠣᠷᠬᠢᠵᠤ ᠵᠢᠷᠤᠮ ᠢ ᠮᠢᠨᠢ ᠳᠠᠭᠠᠬᠤ ᠦᠭᠡᠢ ᠪᠣᠯ᠂
31 ᠬᠡᠷᠪᠡ ᠲᠡᠳᠡ ᠲᠣᠭᠲᠠᠭᠠᠯ ᠤᠳ ᠢ ᠮᠢᠨᠢ ᠵᠥᠷᠢᠴᠡᠵᠦ ᠲᠤᠰᠢᠶᠠᠯ ᠢ ᠮᠢᠨᠢ ᠰᠠᠬᠢᠬᠤ ᠦᠭᠡᠢ ᠪᠣᠯ᠂
32 ᠪᠢ ᠲᠡᠳᠡᠨ ᠦ ᠨᠢᠭᠦᠯ ᠢ ᠰᠢᠳᠠᠮ ᠢᠶᠠᠷ ᠲᠡᠳᠡᠨ ᠦ ᠭᠡᠮ ᠢ ᠲᠠᠰᠢᠭᠤᠷ ᠢᠶᠠᠷ ᠰᠢᠳᠬᠡᠬᠦ ᠪᠣᠯᠪᠠᠴᠤ
33 ᠦᠨᠡᠨ ᠬᠠᠢᠷ᠎ᠠ ᠪᠠᠨ ᠲᠡᠳᠡᠨ ᠡᠴᠡ ᠰᠠᠯᠭᠠᠬᠤ ᠦᠭᠡᠢ ᠢᠲᠡᠭᠡᠮᠵᠢᠲᠠᠢ ᠪᠠᠢᠳᠠᠯ ᠠᠴᠠ ᠪᠠᠨ ᠬᠠᠵᠠᠢᠬᠤ ᠦᠭᠡᠢ᠃
34 ᠪᠢ ᠭᠡᠷ᠎ᠡ ᠪᠡᠨ ᠵᠥᠷᠢᠴᠡᠬᠦ ᠦᠭᠡᠢ ᠠᠮᠠ ᠭᠠᠷᠤᠭᠰᠠᠨ ᠢᠶᠠᠨ ᠥᠭᠡᠷᠡᠴᠢᠯᠡᠬᠦ ᠦᠭᠡᠢ᠃
35 ᠪᠢ ᠠᠷᠢᠭᠤᠨ ᠪᠠᠢᠳᠠᠯ ᠢᠶᠠᠷ ᠢᠶᠠᠨ ᠨᠢᠭᠡᠨᠲᠡ ᠲᠠᠩ᠋ᠭᠠᠷᠢᠭᠯᠠᠭᠰᠠᠨ᠄ ᠪᠢ ᠳ᠋ᠠᠸᠢᠳ᠋ ᠲᠤ ᠬᠤᠳᠠᠯ ᠬᠡᠯᠡᠬᠦ ᠦᠭᠡᠢ᠃
36 ᠲᠡᠭᠦᠨ ᠦ ᠦᠷ᠎ᠡ ᠤᠳᠤᠮ ᠮᠥᠩᠬᠡᠳᠡ ᠪᠠᠢᠭᠰᠠᠭᠠᠷ ᠲᠡᠭᠦᠨ ᠦ ᠰᠡᠨᠲᠢ ᠮᠢᠨᠦ ᠡᠮᠦᠨ᠎ᠡ ᠨᠠᠷᠠ ᠮᠡᠲᠦ
37 ᠣᠭᠲᠠᠷᠭᠤᠢ ᠶᠢᠨ ᠢᠲᠡᠭᠡᠮᠵᠢᠲᠦ ᠭᠡᠷᠡᠴᠢ ᠰᠠᠷ᠎ᠠ ᠮᠡᠲᠦ ᠡᠭᠦᠷᠢᠳᠡ ᠮᠥᠩᠬᠡ ᠲᠣᠭᠲᠠᠬᠤ ᠪᠣᠯᠣᠨ᠎ᠠ》 ᠭᠡᠪᠡ᠃
ᠰᠧᠯᠠ
38 ᠬᠠᠷᠢᠨ ᠲᠠ ᠲᠣᠰᠣᠯᠠᠭᠰᠠᠨ ᠨᠢᠭᠡᠨ ᠳᠡᠭᠡᠨ ᠠᠭᠤᠷᠯᠠᠵᠤ ᠲᠡᠭᠦᠨ ᠢ ᠣᠭᠣᠷᠴᠤ ᠬᠠᠶᠠᠪᠠ᠃
39 ᠲᠠ ᠵᠠᠷᠤᠴᠠ ᠲᠠᠢ ᠪᠠᠨ ᠪᠠᠢᠭᠤᠯᠤᠭᠰᠠᠨ ᠭᠡᠷ᠎ᠡ ᠪᠡᠨ ᠵᠢᠭ᠍ᠰᠢᠨ ᠲᠢᠲᠢᠮ ᠢ ᠨᠢ ᠰᠢᠷᠣᠢ ᠳᠤ ᠪᠤᠵᠠᠷᠯᠠᠵᠤ
40 ᠪᠦᠬᠦ ᠬᠡᠷᠡᠮ ᠢ ᠨᠢ ᠨᠤᠷᠠᠭᠠᠨ ᠪᠡᠬᠢᠯᠡᠯᠲᠡ ᠨᠦᠭᠦᠳ ᠢ ᠨᠢ ᠪᠠᠯᠭᠠᠰᠤ ᠪᠣᠯᠭᠠᠪᠠ᠃
41 ᠵᠠᠮ ᠢᠶᠠᠷ ᠥᠩᠭᠡᠷᠡᠭᠴᠢ ᠪᠦᠬᠦᠨ ᠲᠡᠭᠦᠨ ᠢ ᠲᠣᠨᠣᠵᠤ ᠲᠡᠷᠡ ᠬᠥᠷᠰᠢ ᠨᠦᠭᠦᠳ ᠦᠨ ᠢᠶᠠᠨ ᠳᠣᠭᠣᠭᠢ ᠪᠣᠯᠣᠯ᠎ᠠ᠃
42 ᠲᠠ ᠥᠰᠲᠡᠨ ᠨᠦᠭᠦᠳ ᠦᠨ ᠬᠢᠨᠢ ᠪᠠᠷᠠᠭᠤᠨ ᠭᠠᠷ ᠢ ᠡᠷᠭᠦᠮᠵᠢᠯᠡᠵᠦ ᠪᠦᠬᠦ ᠳᠠᠢᠰᠤᠨ ᠢ ᠨᠢ ᠪᠠᠶᠠᠷᠯᠠᠭᠤᠯᠤᠭᠰᠠᠨ᠃
43 ᠲᠠ ᠲᠡᠭᠦᠨ ᠦ ᠢᠯᠳᠦᠨ ᠦ ᠢᠷ ᠢ ᠮᠣᠬᠣᠭᠠᠵᠤ ᠲᠡᠭᠦᠨ ᠢ ᠲᠤᠯᠤᠯᠳᠤᠭᠠᠨ ᠳᠤ ᠳᠡᠮᠵᠢᠭᠰᠡᠨ ᠦᠭᠡᠢ᠃
44 ᠲᠠ ᠰᠦᠷ ᠵᠢᠪᠬᠤᠭ᠎ᠠ ᠶᠢ ᠨᠢ ᠳᠠᠭᠤᠰᠬᠠᠵᠤ ᠰᠡᠨᠲᠢ ᠶᠢ ᠨᠢ ᠭᠠᠵᠠᠷ ᠲᠤ ᠰᠢᠳᠡᠪᠡ᠂
45 ᠢᠳᠡᠷ ᠵᠠᠯᠠᠭᠤ ᠨᠠᠰᠤᠨ ᠤ ᠬᠢᠨᠢ ᠡᠳᠦᠷ ᠤᠳ ᠢ ᠪᠣᠭᠣᠨᠢᠰᠬᠠᠵᠤ ᠢᠴᠢᠭᠦᠷᠢ ᠶᠢ ᠲᠡᠭᠦᠨ ᠳᠦ ᠨᠥᠮᠥᠷᠭᠡᠭᠰᠡᠨ᠃
ᠰᠧᠯᠠ
46 ᠶᠣᠬᠣᠸᠠ᠂ ᠬᠡᠳᠦᠢ ᠪᠣᠯᠲᠠᠯ᠎ᠠ ᠪᠤᠢ︖ ᠡᠭᠦᠷᠢᠳᠡ ᠲᠠ ᠥᠪᠡᠷ ᠢ ᠪᠠᠨ ᠨᠢᠭᠤᠬᠤ ᠤᠤ︖ ᠠᠭᠤᠷ ᠬᠢᠯᠢᠩ ᠲᠠᠨᠢ ᠭᠠᠯ ᠮᠡᠲᠦ ᠰᠢᠲᠠᠬᠤ ᠤᠤ︖
47 ᠠᠮᠢᠳᠤᠷᠠᠯ ᠤᠨ ᠮᠢᠨᠢ ᠬᠡᠴᠢᠨᠡᠨ ᠤᠬᠤᠷ ᠢ ᠰᠠᠨᠠᠭᠠᠴᠢ ᠬᠥᠮᠦᠨ ᠦ ᠬᠥᠪᠡᠭᠦᠳ ᠢ ᠲᠠ ᠶᠠᠭᠤᠲᠠᠢ ᠬᠣᠭᠣᠰᠣᠨ ᠪᠦᠲᠦᠭᠡᠭᠡ ᠪᠤᠢ︕
48 ᠦᠬᠦᠯ ᠢ ᠦᠵᠡᠯ ᠦᠭᠡᠢ ᠠᠮᠢᠳᠤᠷᠠᠵᠤ ᠴᠢᠳᠠᠬᠤ ᠬᠡᠨ ᠪᠠᠢᠬᠤ ᠪᠤᠢ︖ ᠦᠬᠦᠭᠰᠡᠳ ᠦᠨ ᠣᠷᠣᠨ ᠤ ᠭᠠᠷ ᠠᠴᠠ ᠬᠥᠮᠦᠨ ᠠᠮᠢ ᠪᠠᠨ ᠠᠪᠤᠷᠠᠵᠤ ᠴᠢᠳᠠᠬᠤ ᠤᠤ︖
ᠰᠧᠯᠠ
49 ᠥ᠂ ᠡᠵᠡᠨ᠂ ᠢᠲᠡᠭᠡᠮᠵᠢᠲᠦ ᠪᠠᠢᠳᠠᠯ ᠢᠶᠠᠷ ᠢᠶᠠᠨ ᠳ᠋ᠠᠸᠢᠳ᠋ ᠲᠤ ᠲᠠᠩ᠋ᠭᠠᠷᠢᠭᠯᠠᠭᠰᠠᠨ ᠤᠷᠢᠳᠤ ᠶᠢᠨ ᠦᠨᠡᠨ ᠬᠠᠢᠷ᠎ᠠ ᠲᠠᠨᠢ ᠬᠠᠮᠢᠭ᠎ᠠ ᠪᠠᠢᠨ᠎ᠠ ᠪᠤᠢ︖
50 ᠡᠵᠡᠨ᠂ ᠵᠠᠷᠤᠴᠠ ᠨᠠᠷ ᠤᠨ ᠢᠶᠠᠨ ᠠᠮᠰᠠᠭᠰᠠᠨ ᠳᠣᠷᠣᠮᠵᠢᠯᠠᠯ ᠢ ᠰᠠᠨᠠᠭᠠᠴᠢ ᠠᠯᠢᠪᠠ ᠦᠨᠳᠦᠰᠦᠲᠡᠨ ᠦ ᠲᠣᠬᠣᠭᠤᠷᠬᠠᠯ ᠡᠪᠦᠷ ᠳᠡᠭᠡᠷ᠎ᠡ ᠮᠢᠨᠢ ᠪᠠᠢᠨ᠎ᠠ᠃
51 ᠶᠣᠬᠣᠸᠠ᠂ ᠲᠠᠨ ᠤ ᠳᠠᠢᠰᠤᠨ ᠨᠤᠭᠤᠳ ᠳᠣᠷᠣᠮᠵᠢᠯᠠᠭᠰᠠᠨ ᠲᠠᠨ ᠤ ᠲᠣᠰᠣᠯᠠᠭᠰᠠᠨ ᠨᠢᠭᠡᠨ ᠦ ᠠᠯᠬᠤᠮ ᠪᠦᠷᠢ ᠶᠢ ᠳᠣᠷᠣᠮᠵᠢᠯᠠᠭᠰᠠᠨ᠃
52 ᠶᠣᠬᠣᠸᠠ ᠮᠥᠩᠬᠡᠳᠡ ᠮᠠᠭᠲᠠᠭᠳᠠᠬᠤ ᠪᠣᠯᠲᠤᠭᠠᠢ︕ ᠠᠮᠧᠨ᠂ ᠠᠮᠧᠨ᠃