ᠳᠠᠭᠤᠯᠠᠯ ᠵᠠᠭᠤ ᠶᠢᠰᠦ
ᠲᠡᠷᠰᠯᠡᠭᠴᠢᠳ ᠡᠴᠡ ᠥᠰᠢᠶ᠎ᠡ ᠠᠪᠤᠭᠠᠴᠢ
ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃
1 ᠮᠢᠨᠦ ᠮᠠᠭᠲᠠᠭᠠᠯ ᠤᠨ ᠪᠤᠷᠬᠠᠨ ᠪᠦᠦ ᠨᠠᠮ ᠭᠦᠮ ᠪᠠᠢᠭᠠᠴᠢ᠃
2 ᠬᠣᠷᠣᠨ ᠮᠠᠭᠤ᠂ ᠪᠠᠴᠢᠲᠤ ᠬᠥᠮᠦᠰ ᠮᠢᠨᠦ ᠡᠰᠡᠷᠭᠦ ᠠᠮᠠ ᠪᠠᠨ ᠠᠩ᠋ᠭᠠᠢᠪᠠ᠂ ᠲᠡᠳᠡ ᠬᠤᠳᠠᠯᠴᠢ ᠬᠡᠯᠡ ᠪᠡᠷ ᠢᠶᠠᠨ ᠮᠢᠨᠦ ᠡᠰᠡᠷᠭᠦ ᠶᠠᠷᠢᠨ
3 ᠬᠣᠣᠷᠲᠤ ᠦᠭᠡᠰ ᠢᠶᠡᠷ ᠨᠠᠮᠠᠶᠢ ᠬᠦᠷᠢᠶᠡᠯᠡᠵᠦ ᠰᠢᠯᠲᠠᠭᠠᠨ ᠦᠭᠡᠢ ᠪᠠᠷ ᠨᠠᠮᠠᠶᠢ ᠳᠠᠭᠠᠷᠢᠳᠠᠭ᠃
4 ᠬᠠᠢᠷ᠎ᠠ ᠶᠢᠨ ᠮᠢᠨᠢ ᠬᠠᠷᠢᠭᠤ ᠳᠤ ᠲᠡᠳᠡ ᠨᠠᠮᠠᠶᠢ ᠳᠠᠢᠰᠤᠩᠨᠠᠵᠤ ᠪᠠᠢᠨ᠎ᠠ᠂ ᠬᠠᠷᠢᠨ ᠪᠢ ᠳᠠᠭᠠᠳᠬᠠᠭᠰᠠᠭᠠᠷ ᠪᠠᠢᠨ᠎ᠠ
5 ᠲᠡᠳᠡ ᠰᠠᠢᠨ ᠢ ᠮᠢᠨᠢ ᠮᠠᠭᠤ ᠪᠠᠷ ᠬᠠᠢᠷ᠎ᠠ ᠶᠢ ᠮᠢᠨᠢ ᠬᠣᠷᠣᠰᠣᠯ ᠢᠶᠠᠷ ᠬᠠᠷᠢᠭᠤᠯᠳᠠᠭ᠃
6 ᠲᠡᠭᠦᠨ ᠦ ᠳᠡᠭᠡᠷ᠎ᠡ ᠪᠤᠷᠤᠭᠤᠲᠠᠨ ᠢ ᠲᠣᠮᠢᠯᠠᠭᠠᠴᠢ ᠲᠡᠭᠦᠨ ᠦ ᠪᠠᠷᠠᠭᠤᠨ ᠲᠠᠯ᠎ᠠ ᠳᠤ ᠪᠤᠷᠤᠭᠤᠰᠢᠶᠠᠭᠴᠢ ᠶᠢ ᠵᠣᠭᠰᠣᠭᠠᠭᠠᠴᠢ᠂
7 ᠲᠡᠷᠡ ᠰᠢᠭᠦᠭᠳᠡᠬᠦ ᠳᠦ ᠪᠤᠷᠤᠭᠤ ᠨᠢ ᠢᠯᠡᠷᠡᠭ ᠲᠡᠭᠦᠨ ᠦ ᠳᠠᠭᠠᠳᠬᠠᠯ ᠴᠤ ᠨᠢᠭᠦᠯ ᠭᠡᠵᠦ ᠲᠣᠭᠠᠴᠠᠭᠳᠠᠭ᠂
8 ᠡᠳᠦᠷ ᠤᠳ ᠨᠢ ᠴᠥᠭᠡᠷᠡᠭ ᠲᠤᠰᠢᠶᠠᠯ ᠢ ᠨᠢ ᠥᠭᠡᠷ᠎ᠡ ᠬᠥᠮᠦᠨ ᠠᠪᠤᠭ
9 ᠬᠡᠦᠬᠡᠳ ᠤᠳ ᠨᠢ ᠥᠨᠥᠴᠢᠨ ᠭᠡᠷᠭᠡᠢ ᠨᠢ ᠪᠡᠯᠪᠡᠰᠦᠨ ᠪᠣᠯᠣᠭ
10 ᠬᠡᠦᠬᠡᠳ ᠤᠳ ᠨᠢ ᠨᠤᠷᠠᠭᠰᠠᠨ ᠭᠡᠷ ᠡᠴᠡ ᠪᠡᠨ ᠬᠥᠭᠡᠭᠡᠭᠳᠡᠭᠡᠳ ᠬᠡᠰᠦᠨ ᠲᠡᠨᠦᠵᠦ ᠭᠤᠢᠷᠠᠨᠴᠢᠯᠠᠭ
11 ᠪᠠᠢᠭ᠎ᠠ ᠪᠦᠬᠦᠨ ᠢ ᠨᠢ ᠵᠢᠭᠡᠯᠡᠭᠦᠯᠦᠭᠴᠢ ᠬᠥᠮᠦᠨ ᠪᠤᠯᠢᠶᠠᠭ ᠬᠤᠷᠢᠶᠠᠭᠰᠠᠨ ᠬᠥᠷᠥᠩᠭᠡ ᠶᠢ ᠨᠢ ᠭᠠᠳᠠᠨ᠎ᠠ ᠶᠢᠨ ᠬᠥᠮᠦᠰ ᠲᠣᠨᠣᠭ
12 ᠲᠡᠭᠦᠨ ᠳᠦ ᠡᠨᠡᠷᠢᠯ ᠬᠦᠷᠲᠡᠭᠡᠬᠦ ᠬᠥᠮᠦᠨ ᠠᠯᠠᠭ᠎ᠠ ᠪᠠᠢᠭ ᠥᠨᠥᠴᠢᠨ ᠬᠡᠦᠬᠡᠳ ᠤᠳ ᠢ ᠨᠢ ᠥᠷᠥ ᠡᠪᠡᠳᠬᠦ ᠬᠥᠮᠦᠨ ᠦᠭᠡᠢ ᠪᠠᠢᠭ
13 ᠦᠷ᠎ᠡ ᠨᠢ ᠲᠠᠰᠤᠷᠠᠭ ᠬᠣᠢᠴᠢ ᠦᠶ᠎ᠡ ᠶᠢᠨ ᠬᠢᠨ ᠳᠤ ᠲᠡᠳᠡᠨ ᠦ ᠨᠡᠷ᠎ᠡ ᠪᠠᠯᠠᠯᠤᠭᠳᠠᠭ᠃
14 ᠡᠴᠢᠭᠡ ᠡᠪᠦᠭᠡᠳ ᠦᠨ ᠬᠢᠨᠢ ᠭᠡᠮ ᠶᠣᠬᠣᠸᠠ ᠶᠢᠨ ᠡᠮᠦᠨ᠎ᠡ ᠰᠠᠨᠠᠭᠳᠠᠭ ᠡᠬᠡ ᠶᠢᠨ ᠬᠢᠨᠢ ᠨᠢᠭᠦᠯ ᠪᠦᠦ ᠪᠠᠯᠠᠯᠤᠭᠳᠠᠭ
15 ᠲᠡᠳᠡᠭᠡᠷ ᠨᠢ ᠶᠣᠬᠣᠸᠠ ᠶᠢᠨ ᠡᠮᠦᠨ᠎ᠡ ᠢᠮᠠᠭᠲᠠ ᠪᠠᠢᠵᠤ ᠳᠤᠷᠠᠰᠤᠮᠵᠢ ᠨᠢ ᠳᠡᠯᠡᠬᠡᠢ ᠡᠴᠡ ᠲᠠᠰᠤᠷᠠᠭ᠃
16 ᠤᠴᠢᠷ ᠨᠢ ᠲᠡᠷᠡ ᠡᠨᠡᠷᠢᠯ ᠦᠵᠡᠭᠦᠯᠬᠦ ᠶᠢ ᠤᠮᠠᠷᠲᠠᠨ ᠵᠦᠳᠡᠷᠡᠭᠴᠢ ᠪᠣᠯᠣᠨ ᠭᠠᠴᠢᠭᠳᠠᠭᠴᠢ ᠶᠢ ᠵᠣᠷᠢᠭ ᠠᠯᠳᠠᠷᠠᠭᠴᠢ ᠶᠢ ᠦᠬᠦᠲᠡᠯ᠎ᠡ ᠨᠢ ᠬᠠᠪᠴᠢᠵᠠᠢ᠂
17 ᠬᠠᠷᠢᠶᠠᠯ ᠳᠤ ᠳᠤᠷᠠᠲᠠᠢ᠂ ᠬᠠᠷᠢᠶᠠᠯ ᠥᠪᠡᠷ ᠳᠡᠭᠡᠷ᠎ᠡ ᠨᠢ ᠪᠠᠭᠤᠪᠠ ᠢᠷᠥᠭᠡᠯ ᠳᠦ ᠳᠤᠷ᠎ᠠ ᠦᠭᠡᠢ᠂ ᠢᠷᠥᠭᠡᠯ ᠥᠪᠡᠷ ᠡᠴᠡ ᠨᠢ ᠬᠣᠯᠠᠳᠠᠪᠠ᠃
18 ᠬᠤᠪᠴᠠᠰᠤ ᠪᠣᠯᠭᠠᠨ ᠡᠮᠦᠰᠳᠡᠭ ᠬᠠᠷᠢᠶᠠᠯ ᠨᠢ ᠥᠪᠡᠷ ᠦᠨ ᠬᠢᠨᠢ ᠳᠣᠲᠣᠷ᠎ᠠ ᠤᠰᠤ ᠰᠢᠭ᠋ ᠥᠪᠡᠷ ᠦᠨ ᠬᠢᠨᠢ ᠶᠠᠰᠤᠨ ᠳᠤ ᠲᠣᠰᠣ ᠰᠢᠭ᠋ ᠰᠢᠩᠭᠡᠭ᠃
19 ᠲᠡᠷᠡ ᠬᠦ ᠬᠠᠷᠢᠶᠠᠯ ᠨᠢ ᠥᠪᠡᠷ ᠦᠨ ᠬᠢᠨᠢ ᠨᠥᠮᠥᠷᠳᠡᠭ ᠳᠡᠪᠡᠯ ᠦᠷᠭᠦᠯᠵᠢ ᠪᠦᠰᠡᠯᠡᠳᠡᠭ ᠪᠦᠰᠡ ᠨᠢ ᠮᠡᠲᠦ ᠪᠣᠯᠣᠭ᠂
20 ᠨᠠᠮᠠᠶᠢ ᠳᠠᠢᠰᠤᠩᠨᠠᠭᠴᠢᠳ ᠨᠠᠮᠠᠶᠢ ᠮᠠᠭᠤᠯᠠᠨ ᠶᠠᠷᠢᠭᠴᠢᠳ ᠤᠨ ᠶᠣᠬᠣᠸᠠ ᠠᠴᠠ ᠬᠦᠯᠢᠶᠡᠬᠦ ᠬᠠᠷᠢᠭᠤ ᠨᠢ ᠡᠨᠡ᠃
21 ᠬᠠᠷᠢᠨ ᠡᠵᠡᠨ ᠶᠣᠬᠣᠸᠠ ᠲᠠ ᠨᠠᠳᠠ ᠳᠤ ᠥᠪᠡᠷ ᠦᠨ ᠢᠶᠠᠨ ᠨᠡᠷ᠎ᠡ ᠶᠢᠨ ᠲᠥᠯᠥᠭᠡ ᠦᠢᠯᠡᠳᠦᠭᠡᠴᠢ ᠬᠠᠢᠷ᠎ᠠ ᠡᠨᠡᠷᠢᠯ ᠲᠠᠨᠢ ᠰᠠᠢᠨ᠂ ᠨᠠᠮᠠᠶᠢ ᠭᠡᠲᠦᠯᠭᠡᠭᠡᠴᠢ᠂
22 ᠪᠢ ᠵᠦᠳᠡᠷᠡᠵᠦ᠂ ᠭᠠᠴᠢᠭᠳᠠᠭᠰᠠᠨ ᠵᠢᠷᠦᠬᠡ ᠰᠡᠳᠬᠢᠯ ᠮᠢᠨᠢ ᠰᠢᠷᠬᠠᠲᠤᠭᠰᠠᠨ᠃
23 ᠪᠢ ᠤᠷᠲᠤᠰᠴᠤ ᠪᠤᠢ ᠰᠡᠭᠦᠳᠡᠷ ᠮᠡᠲᠦ ᠣᠳᠴᠤ ᠴᠠᠷᠴᠠᠬᠠᠢ ᠮᠡᠲᠦ ᠭᠦᠪᠢᠭᠳᠡᠵᠦ ᠪᠠᠢᠨ᠎ᠠ᠃
24 ᠪᠠᠴᠠᠭ ᠠᠴᠠ ᠪᠣᠯᠵᠤ ᠡᠪᠦᠳᠦᠭ ᠮᠢᠨᠢ ᠰᠤᠯᠠᠷᠠᠨ ᠮᠢᠬᠠᠨ ᠪᠡᠶ᠎ᠡ ᠮᠢᠨᠢ ᠥᠭᠡᠬᠦ ᠦᠭᠡᠢ ᠲᠤᠷᠠᠭᠰᠠᠨ᠃
25 ᠪᠢ ᠲᠡᠳᠡᠨ ᠳᠦ ᠰᠢᠪᠰᠢᠭ ᠪᠣᠯᠣᠭᠰᠠᠨ ᠨᠠᠮᠠᠶᠢ ᠬᠠᠷᠠᠭᠴᠢᠳ ᠲᠣᠯᠣᠭᠠᠢ ᠪᠠᠨ ᠰᠡᠭᠰᠦᠷᠴᠦ ᠪᠠᠢᠨ᠎ᠠ᠂
26 ᠮᠢᠨᠦ ᠪᠤᠷᠬᠠᠨ ᠶᠣᠬᠣᠸᠠ᠂ ᠨᠠᠳᠠ ᠳᠤ ᠲᠤᠰᠠᠯᠠᠭᠠᠴᠢ ᠡᠨᠡᠷᠢᠯ ᠢᠶᠠᠷ ᠢᠶᠠᠨ ᠨᠠᠮᠠᠶᠢ ᠠᠪᠤᠷᠠᠭᠠᠴᠢ᠃
27 ᠲᠠᠨ ᠤ ᠮᠤᠲᠤᠷ ᠡᠨᠡ᠂ ᠶᠣᠬᠣᠸᠠ ᠲᠠ ᠡᠭᠦᠨ ᠢ ᠦᠢᠯᠡᠳᠦᠭᠰᠡᠨ ᠢ ᠲᠡᠳᠡ ᠮᠡᠳᠡᠭ᠃
28 ᠲᠡᠳᠡ ᠬᠠᠷᠢᠶᠠᠳᠠᠭ᠂ ᠬᠠᠷᠢᠨ ᠲᠠ ᠢᠷᠥᠭᠡᠬᠦ ᠪᠣᠯᠣᠨ᠎ᠠ ᠲᠡᠳᠡ ᠪᠣᠰᠬᠤ ᠭᠡᠰᠡᠨ ᠴᠤ ᠰᠢᠪᠰᠢᠭ ᠪᠣᠯᠣᠨ᠎ᠠ᠂ ᠬᠠᠷᠢᠨ ᠲᠠᠨ ᠤ ᠵᠠᠷᠤᠴᠠ ᠪᠠᠶᠠᠷᠯᠠᠬᠤ ᠪᠣᠯᠣᠨ᠎ᠠ᠃
29 ᠨᠠᠮᠠᠶᠢ ᠳᠠᠢᠰᠤᠩᠨᠠᠭᠴᠢᠳ ᠢᠴᠢᠭᠦᠷᠢ ᠪᠠᠷ ᠬᠤᠪᠴᠠᠰᠤᠯᠠᠭ ᠥᠪᠡᠷᠰᠡᠳ ᠦᠨ ᠢᠶᠠᠨ ᠰᠢᠪᠰᠢᠭ ᠢ ᠨᠥᠮᠥᠷᠥᠭ᠃
30 ᠠᠮᠠ ᠮᠢᠨᠢ ᠶᠣᠬᠣᠸᠠ ᠳᠤ ᠶᠡᠬᠡᠪᠡᠷ ᠲᠠᠯᠠᠷᠬᠠᠵᠤ ᠣᠯᠠᠨ ᠤ ᠳᠤᠮᠳᠠ ᠲᠡᠭᠦᠨ ᠢ ᠮᠠᠭᠲᠠᠨ᠄
31 《ᠲᠡᠷᠡ ᠪᠡᠷ ᠭᠠᠴᠢᠭᠳᠠᠭᠰᠠᠨ ᠬᠥᠮᠦᠨ ᠦ ᠪᠠᠷᠠᠭᠤᠨ ᠲᠠᠯ᠎ᠠ ᠳᠤ ᠵᠣᠭᠰᠣᠵᠤ ᠠᠮᠢ ᠶᠢ ᠨᠢ ᠪᠤᠷᠤᠭᠤᠰᠢᠶᠠᠭᠴᠢ ᠡᠴᠡ ᠠᠪᠤᠷᠠᠨ᠎ᠠ》 ᠭᠡᠨ᠎ᠡ᠃