1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠳᠥᠴᠢ
 ᠰᠦᠷᠳᠡᠭᠦᠯᠦᠭᠴᠢ ᠡᠴᠡ ᠬᠠᠮᠠᠭᠠᠯᠠᠭᠠᠴᠢ
 ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃

1 ᠶᠣᠬᠣᠸᠠ᠂ ᠨᠠᠮᠠᠶᠢ ᠬᠣᠷᠣᠨ ᠮᠠᠭᠤ ᠬᠥᠮᠦᠨ ᠡᠴᠡ ᠲᠠᠲᠠᠨ ᠠᠪᠤᠭᠠᠴᠢ ᠬᠦᠴᠦᠷᠬᠡᠭᠯᠡᠭᠴᠢᠳ ᠡᠴᠡ ᠬᠠᠮᠠᠭᠠᠯᠠᠭᠠᠴᠢ᠂
2 ᠲᠡᠳᠡ ᠵᠢᠷᠦᠬᠡᠨ ᠳᠡᠭᠡᠨ ᠮᠠᠭᠤ ᠶᠢ ᠰᠡᠳᠦᠨ ᠡᠳᠦᠷ ᠪᠦᠷᠢ ᠳᠠᠢᠨ ᠥᠳᠥᠭᠡᠳᠡᠭ᠂
3 ᠲᠡᠳᠡ ᠬᠡᠯᠡ ᠪᠡᠨ ᠮᠣᠭᠠᠢ ᠶᠢᠨ ᠬᠢ ᠮᠡᠲᠦ ᠢᠷᠯᠡᠳᠡᠭ ᠣᠷᠣᠭᠤᠯ ᠳᠣᠣᠷ᠎ᠠ ᠨᠢ ᠬᠣᠣᠷᠲᠤ ᠮᠣᠭᠠᠢ ᠶᠢᠨ ᠬᠣᠣᠷ ᠪᠤᠢ᠃
 
ᠰᠧᠯᠠ


4 ᠶᠣᠬᠣᠸᠠ᠂ ᠨᠠᠮᠠᠶᠢ ᠪᠤᠷᠤᠭᠤᠲᠠᠨ ᠤ ᠭᠠᠷ ᠠᠴᠠ ᠬᠠᠮᠠᠭᠠᠯᠠᠭᠠᠴᠢ᠂ ᠬᠥᠯ ᠢ ᠮᠢᠨᠢ ᠪᠦᠳᠦᠷᠢᠭᠦᠯᠬᠦ ᠪᠡᠷ ᠰᠡᠳᠦᠳᠡᠭ ᠬᠦᠴᠦᠷᠬᠡᠭᠯᠡᠭᠴᠢᠳ ᠡᠴᠡ ᠬᠠᠮᠠᠭᠠᠯᠠᠭᠠᠴᠢ᠂
5 ᠰᠠᠭᠰᠠᠭᠤᠷᠠᠭᠴᠢᠳ ᠮᠢᠨᠦ ᠡᠮᠦᠨ᠎ᠡ ᠤᠷᠠᠬ᠎ᠠ᠂ ᠬᠠᠪᠬ᠎ᠠ ᠨᠢᠭᠤᠵᠤ ᠵᠠᠮ ᠤᠨ ᠬᠠᠵᠠᠭᠤ ᠳᠤ ᠲᠣᠣᠷ ᠲᠠᠲᠠᠭᠰᠠᠨ ᠮᠢᠨᠦ ᠡᠮᠦᠨ᠎ᠡ ᠵᠠᠩ᠋ᠭᠤ ᠲᠠᠯᠪᠢᠭᠰᠠᠨ᠃
 
ᠰᠧᠯᠠ


6 ᠪᠢ ᠶᠣᠬᠣᠸᠠ ᠳᠤ᠄ 《ᠲᠠ ᠮᠢᠨᠦ ᠪᠤᠷᠬᠠᠨ᠂ ᠶᠣᠬᠣᠸᠠ ᠡ᠂ ᠭᠤᠶᠤᠯᠲᠠ ᠶᠢᠨ ᠳᠠᠭᠤᠨ ᠳᠤ ᠮᠢᠨᠢ ᠴᠢᠬᠢ ᠲᠠᠯᠪᠢᠭᠠᠴᠢ》 ᠭᠡᠰᠡᠨ᠂
7 ᠡᠵᠡᠨ ᠶᠣᠬᠣᠸᠠ᠂ ᠬᠦᠴᠦᠷᠬᠡᠭ ᠠᠪᠤᠷᠠᠭᠴᠢ ᠮᠢᠨᠢ ᠲᠤᠯᠤᠯᠳᠤᠭᠠᠨ ᠤ ᠡᠳᠦᠷ ᠲᠠ ᠲᠣᠯᠣᠭᠠᠢ ᠶᠢ ᠮᠢᠨᠢ ᠬᠠᠯᠬᠠᠯᠠᠳᠠᠭ᠂
8 ᠶᠣᠬᠣᠸᠠ᠂ ᠪᠤᠷᠤᠭᠤᠲᠠᠨ ᠤ ᠬᠦᠰᠡᠯ ᠢ ᠪᠦᠦ ᠵᠥᠪᠰᠢᠶᠡᠷᠡᠭᠡᠴᠢ ᠪᠠᠴᠢ ᠶᠢ ᠨᠢ ᠪᠦᠦ ᠪᠡᠶᠡᠯᠡᠭᠦᠯᠦᠭᠡᠴᠢ᠂ ᠲᠡᠳᠡ ᠣᠩᠭᠢᠷᠠᠬᠤ ᠪᠤᠢ᠃
 
ᠰᠧᠯᠠ

9 ᠨᠠᠮᠠᠶᠢ ᠪᠦᠰᠡᠯᠡᠭᠰᠡᠨ ᠬᠥᠮᠦᠰ ᠦᠨ ᠲᠣᠯᠣᠭᠠᠢ ᠣᠷᠣᠭᠤᠯ ᠢᠶᠠᠷ ᠢᠶᠠᠨ ᠭᠠᠷᠭᠠᠭᠰᠠᠨ ᠭᠠᠢ ᠳᠠᠭᠠᠨ ᠬᠤᠴᠢᠭᠳᠠᠵᠤ
10 ᠰᠢᠲᠠᠵᠤ ᠪᠤᠢ ᠨᠡᠭᠦᠷᠡᠰᠦ ᠲᠡᠳᠡᠨ ᠦ ᠳᠡᠭᠡᠷ᠎ᠡ ᠪᠠᠭᠤᠭ᠂ ᠲᠡᠳᠡ ᠭᠠᠯ ᠤᠨ ᠳᠤᠮᠳᠠ᠂ ᠭᠠᠷᠴᠤ ᠴᠢᠳᠠᠬᠤ ᠪᠠᠷ ᠦᠭᠡᠢ ᠭᠦᠨ ᠨᠦᠬᠡᠨ ᠳᠦ ᠤᠨᠠᠭ᠂
11 ᠭᠦᠵᠢᠷᠯᠡᠭᠴᠢ ᠬᠡᠯᠡ ᠲᠠᠢ ᠨᠢ ᠭᠠᠵᠠᠷ ᠳᠡᠭᠡᠷ᠎ᠡ ᠪᠦᠦ ᠲᠣᠭᠲᠠᠭ ᠬᠦᠴᠦᠷᠬᠡᠭᠯᠡᠭᠴᠢ ᠬᠥᠮᠦᠨ ᠵᠣᠪᠠᠯᠠᠩ ᠳᠤ ᠲᠠᠭᠤᠭᠳᠠᠵᠤ ᠤᠨᠠᠭ᠃

12 ᠶᠣᠬᠣᠸᠠ ᠶᠠᠳᠠᠭᠤ ᠶᠢ ᠥᠮᠥᠭᠯᠡᠵᠦ ᠦᠭᠡᠭᠦᠦ ᠶᠢᠨ ᠲᠥᠯᠥᠭᠡ ᠰᠢᠳᠤᠷᠭᠤ ᠶᠢ ᠭᠦᠢᠴᠡᠯᠳᠦᠭᠦᠯᠳᠡᠭ᠌ ᠢ ᠪᠢ ᠮᠡᠳᠡᠨ᠎ᠡ᠃
13 ᠦᠨᠡᠬᠡᠷ ᠵᠥᠪᠲᠡᠨ ᠲᠠᠨ ᠤ ᠨᠡᠷ᠎ᠡ ᠳᠦ ᠲᠠᠯᠠᠷᠬᠠᠵᠤ ᠴᠢᠭ᠍ᠴᠢ ᠬᠥᠮᠦᠨ ᠲᠠᠨ ᠤ ᠣᠷᠣᠰᠢᠬᠤᠢ ᠳᠤ ᠠᠮᠢᠳᠤᠷᠠᠨ᠎ᠠ᠃