1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠠᠷᠪᠠ
 ᠪᠠᠷᠳᠠᠮ ᠪᠤᠷᠤᠭᠤᠲᠠᠨ ᠢ ᠰᠢᠳᠬᠡᠭᠡᠴᠢ
1 ᠶᠣᠬᠣᠸᠠ ᠲᠠ ᠶᠠᠭᠠᠬᠢᠭᠠᠳ ᠲᠡᠷᠲᠡᠭᠡ ᠬᠣᠯᠠ ᠵᠣᠭᠰᠣᠨ᠎ᠠ ᠪᠤᠢ︖ ᠪᠡᠷᠬᠡ ᠴᠠᠭ ᠲᠤ ᠲᠠ ᠶᠠᠭᠠᠬᠢᠭᠠᠳ ᠨᠢᠭᠤᠭᠳᠠᠨ᠎ᠠ ᠪᠤᠢ︖
2 ᠪᠤᠷᠤᠭᠤᠲᠠᠨ ᠪᠠᠷᠳᠠᠮᠨᠠᠵᠤ᠂ ᠶᠠᠳᠠᠭᠤᠰ ᠢ ᠪᠣᠷᠪᠢᠳᠠᠨ ᠬᠥᠭᠡᠭᠡᠵᠦ ᠰᠡᠳᠦᠭᠰᠡᠨ ᠵᠠᠯᠢ ᠮᠡᠬᠡᠨ ᠳᠡᠭᠡᠨ ᠤᠨᠠᠭᠠᠳᠠᠭ 2

3 ᠪᠤᠷᠤᠭᠤᠲᠠᠨ ᠰᠡᠳᠬᠢᠯ ᠤᠨ ᠢᠶᠠᠨ ᠬᠦᠰᠡᠯ ᠢᠶᠡᠷ ᠰᠠᠢᠷᠬᠠᠵᠤ ᠰᠢᠨᠤᠭᠴᠢ ᠨᠢ ᠶᠣᠬᠣᠸᠠ ᠶᠢ ᠬᠠᠷᠢᠶᠠᠵᠤ 3 ᠂ ᠲᠡᠭᠦᠨ ᠢ ᠣᠭᠣᠷᠳᠠᠭ᠂
4 ᠪᠤᠷᠤᠭᠤᠲᠠᠨ ᠣᠮᠣᠷᠬᠠᠭ ᠴᠢᠷᠠᠢ ᠲᠠᠢ ᠪᠤᠷᠬᠠᠨ ᠢ ᠬᠠᠢᠳᠠᠭ ᠦᠭᠡᠢ ᠪᠦᠬᠦᠢᠯᠡ ᠪᠣᠳᠣᠯ ᠳᠤᠨᠢ 《ᠪᠤᠷᠬᠠᠨ ᠪᠠᠢᠳᠠᠭ ᠦᠭᠡᠢ᠂》
5 ᠲᠡᠭᠦᠨ ᠦ ᠵᠠᠮ ᠢᠮᠠᠭᠲᠠ ᠪᠠᠲᠤ ᠪᠡᠬᠢ᠂ ᠲᠠᠨ ᠤ ᠰᠢᠳᠬᠡᠯ ᠤᠳ ᠥᠨᠳᠥᠷ ᠲᠦ᠂ ᠬᠠᠷᠠᠭᠠᠨ ᠠᠴᠠ ᠨᠢ ᠭᠠᠳᠠᠨ᠎ᠠ ᠪᠠᠢᠳᠠᠭ᠂ ᠲᠡᠷᠡ ᠪᠦᠬᠦ ᠳᠠᠢᠰᠤᠨ ᠢᠶᠠᠨ ᠳᠣᠷᠣᠮᠵᠢᠯᠠᠵᠤ
6 ᠵᠢᠷᠦᠬᠡᠨ ᠳᠡᠭᠡᠨ 《ᠪᠢ ᠣᠭᠲᠣ ᠭᠠᠩ᠋ᠬᠤᠬᠤ ᠦᠭᠡᠢ ᠦᠶ᠎ᠡ ᠶᠢᠨ ᠦᠶ᠎ᠡ ᠳᠦ ᠪᠢ ᠵᠣᠪᠠᠯᠠᠩ ᠳᠤ ᠤᠴᠠᠷᠠᠬᠤ ᠦᠭᠡᠢ》 ᠭᠡᠨ᠎ᠡ᠃
7 ᠠᠮᠠ ᠨᠢ ᠬᠠᠷᠢᠶᠠᠯ᠂ ᠬᠤᠳᠠᠯ ᠪᠠ ᠬᠣᠷᠣᠨ ᠮᠠᠭᠤ ᠪᠠᠷ ᠳᠦᠭᠦᠷᠡᠩ᠂ ᠬᠡᠯᠡᠨ ᠳᠣᠣᠷ᠎ᠠ ᠨᠢ ᠬᠣᠬᠢᠷᠠᠯ ᠪᠠ ᠵᠣᠪᠠᠯᠠᠩ ᠪᠤᠢ᠂
8 ᠲᠡᠷᠡ ᠲᠣᠰᠬᠣᠳ ᠤᠨ ᠬᠠᠪᠢ ᠳᠤ ᠪᠦᠭᠬᠦᠵᠦ ᠪᠠᠢᠭᠰᠠᠨ ᠢᠶᠠᠨ ᠨᠢᠭᠤᠴᠠᠭᠠᠢ ᠭᠠᠵᠠᠷ ᠤᠳ ᠲᠤ ᠭᠡᠮ ᠦᠭᠡᠢ ᠬᠥᠮᠦᠨ ᠢ ᠬᠣᠷᠣᠭᠠᠵᠤ ᠪᠠᠢᠨ᠎ᠠ ᠨᠢᠳᠦ ᠨᠢ ᠳᠣᠷᠣᠢ ᠨᠢᠭᠡᠨ ᠤᠷᠤᠭᠤ ᠨᠢᠭᠤᠴᠠ ᠪᠠᠷ ᠱᠠᠭᠠᠢᠵᠤ ᠪᠠᠢᠨ᠎ᠠ᠃
9 ᠠᠷᠰᠯᠠᠨ ᠨᠦᠬᠡᠨ ᠳᠡᠭᠡᠨ ᠪᠦᠭᠬᠦᠳᠡᠭ ᠰᠢᠭ ᠲᠡᠷᠡ ᠨᠢᠭᠤᠴᠠ ᠭᠠᠵᠠᠷ ᠲᠤ ᠪᠦᠭᠬᠦᠵᠦ ᠶᠠᠳᠠᠭᠤ ᠨᠢᠭᠡᠨ ᠢ ᠪᠠᠷᠢᠨ᠎ᠠ ᠶᠠᠳᠠᠭᠤ ᠨᠢᠭᠡᠨ ᠢ ᠲᠣᠣᠷ ᠲᠠᠭᠠᠨ ᠣᠷᠣᠭᠤᠯᠵᠤ ᠪᠠᠷᠢᠨ᠎ᠠ᠂
10 ᠳᠣᠷᠣᠢ ᠨᠢᠭᠡᠨ ᠢ ᠳᠠᠷᠤᠯᠠᠨ ᠳᠣᠣᠷᠠᠰᠢᠶᠠᠨ᠎ᠠ᠂ ᠬᠦᠴᠦ ᠪᠡᠷ ᠢᠶᠠᠨ ᠲᠡᠭᠦᠨ ᠢ ᠤᠨᠠᠭᠠᠵᠤ᠂
11 ᠵᠢᠷᠦᠬᠡᠨ ᠳᠡᠭᠡᠨ 《ᠪᠤᠷᠬᠠᠨ ᠮᠠᠷᠲᠠᠭᠰᠠᠨ ᠪᠠᠢᠨ᠎ᠠ ᠨᠢᠭᠤᠷ ᠢᠶᠠᠨ ᠲᠡᠷᠡ ᠨᠢᠭᠤᠭᠰᠠᠨ᠂ ᠬᠡᠵᠢᠶ᠎ᠡ ᠴᠤ ᠡᠭᠦᠨ ᠢ ᠬᠠᠷᠠᠬᠤ ᠦᠭᠡᠢ》 ᠭᠡᠨ᠎ᠡ᠃

12 ᠪᠣᠰᠣᠭᠠᠴᠢ︕ ᠶᠣᠬᠣᠸᠠ᠂ ᠪᠤᠷᠬᠠᠨ ᠮᠢᠨᠢ ᠮᠤᠲᠤᠷ ᠢᠶᠠᠨ ᠡᠷᠭᠦᠭᠡᠴᠢ︕ ᠶᠠᠳᠠᠭᠤᠰ ᠢ ᠪᠦᠦ ᠮᠠᠷᠲᠠᠭᠠᠴᠢ᠃
13 ᠪᠤᠷᠤᠭᠤᠲᠠᠨ ᠶᠠᠭᠠᠬᠢᠨ ᠪᠤᠷᠬᠠᠨ ᠢ ᠪᠠᠰᠤᠮᠵᠢᠯᠠᠵᠤ ᠵᠢᠷᠦᠬᠡᠨ ᠳᠡᠭᠡᠨ 《ᠪᠤᠷᠬᠠᠨ ᠨᠡᠬᠡᠬᠦ ᠦᠭᠡᠢ》 ᠭᠡᠨ᠎ᠡ ᠪᠤᠢ︖
14 ᠬᠠᠷᠢᠨ ᠲᠠ ᠬᠠᠷᠠᠭᠰᠠᠨ ᠪᠢᠯᠡ᠂ ᠬᠣᠬᠢᠷᠠᠯ ᠪᠠ ᠵᠣᠪᠠᠯᠠᠩ ᠢ ᠨᠢ ᠦᠵᠡᠭᠰᠡᠨ ᠲᠤᠯᠠ ᠥᠪᠡᠷ ᠦᠨ ᠢᠶᠠᠨ ᠮᠤᠲᠤᠷ ᠲᠤ ᠲᠠ ᠣᠷᠣᠭᠤᠯᠤᠨ᠎ᠠ ᠳᠣᠷᠣᠢ ᠨᠢᠭᠡᠨ ᠨᠢ ᠲᠠᠨ ᠢ ᠲᠦᠰᠢᠨ᠎ᠡ ᠡᠴᠢᠭᠡ ᠦᠭᠡᠢ ᠨᠢᠭᠡᠨ ᠦ ᠲᠤᠰᠠᠯᠠᠭᠴᠢ ᠨᠢ ᠲᠠ ᠪᠢᠯᠡ᠃
15 ᠬᠣᠣᠷᠲᠤ ᠭᠡᠮᠲᠡᠨ ᠦ ᠭᠠᠷ ᠢ ᠬᠤᠭᠤᠯᠤᠭᠠᠴᠢ ᠭᠡᠮ ᠢ ᠨᠢ ᠦᠯᠡᠳᠡᠭᠡᠯ ᠦᠭᠡᠢ ᠡᠷᠢᠵᠦ ᠢᠯᠡᠴᠢᠯᠡᠭᠡᠴᠢ᠃

16 ᠡᠭᠦᠷᠢᠳᠡ ᠮᠥᠩᠬᠡ ᠶᠢᠨ ᠬᠠᠭᠠᠨ ᠪᠣᠯ ᠶᠣᠬᠣᠸᠠ᠂ ᠦᠨᠳᠦᠰᠦᠲᠡᠨ ᠨᠦᠭᠦᠳ ᠲᠡᠭᠦᠨ ᠦ ᠭᠠᠵᠠᠷ ᠠᠴᠠ ᠤᠰᠠᠳᠪᠠ᠃
17 ᠶᠣᠬᠣᠸᠠ᠂ ᠲᠠ ᠶᠠᠳᠠᠭᠤᠰ ᠤᠨ ᠬᠦᠰᠡᠯᠲᠡ ᠶᠢ ᠰᠣᠨᠣᠰᠴᠤ ᠵᠢᠷᠦᠬᠡ ᠶᠢ ᠨᠢ ᠴᠢᠩ᠋ᠭᠠᠯᠠᠨ᠎ᠠ᠂ ᠲᠠ ᠴᠢᠬᠢ ᠲᠠᠯᠪᠢᠨ ᠰᠣᠨᠣᠰᠪᠠᠯ
18 ᠥᠨᠥᠴᠢᠷᠡᠭᠰᠡᠨ ᠪᠣᠯᠣᠨ ᠳᠠᠷᠤᠯᠠᠭᠳᠠᠭᠰᠠᠨ ᠬᠥᠮᠦᠨ ᠥᠮᠥᠭᠯᠡᠭᠳᠡᠵᠦ ᠭᠠᠵᠠᠷ ᠳᠡᠭᠡᠷᠡᠬᠢ ᠬᠥᠮᠦᠨ ᠲᠡᠳᠡᠨ ᠢ ᠰᠦᠷᠳᠡᠭᠦᠯᠬᠦ ᠪᠡᠨ ᠪᠣᠯᠢᠨ᠎ᠠ᠃