ᠳᠠᠭᠤᠯᠠᠯ ᠭᠤᠴᠢᠨ ᠭᠤᠷᠪᠠ
ᠠᠤᠭ᠎ᠠ ᠬᠦᠴᠦᠲᠦ ᠨᠢᠭᠡᠨ ᠦ ᠲᠤᠰᠠᠯᠠᠮᠵᠢ
1 ᠵᠥᠪᠲᠦ ᠬᠥᠮᠦᠰ ᠡ᠂ ᠶᠣᠬᠣᠸᠠ ᠳᠣᠲᠣᠷ᠎ᠠ ᠪᠠᠶᠠᠷᠯᠠᠨ ᠬᠠᠰᠬᠢᠷᠤᠭᠲᠤᠨ ᠰᠢᠳᠤᠷᠭᠤ ᠬᠥᠮᠦᠰ ᠮᠠᠭᠲᠠᠬᠤ ᠨᠢ ᠵᠣᠬᠢᠰᠲᠠᠢ᠃
2 ᠶᠠᠲᠤᠭ᠎ᠠ ᠶᠢᠨ ᠡᠭᠡᠰᠢᠭ ᠢᠶᠠᠷ ᠶᠣᠬᠣᠸᠠ ᠳᠤ ᠲᠠᠯᠠᠷᠬ᠎ᠠ ᠠᠷᠪᠠᠨ ᠤᠲᠠᠰᠤᠲᠤ ᠬᠥᠭᠵᠢᠮ ᠢᠶᠠᠷ ᠲᠡᠭᠦᠨ ᠳᠦ ᠠᠶ᠎ᠠ ᠪᠡᠷᠢ᠃
3 ᠰᠢᠨ᠎ᠡ ᠳᠠᠭᠤᠤ ᠶᠢ ᠲᠡᠭᠦᠨ ᠳᠦ ᠪᠠᠷᠢ ᠴᠢᠳᠠᠪᠤᠷᠢᠯᠢᠭ᠋ ᠢᠶᠠᠷ ᠴᠢᠪᠬᠠᠳᠠᠵᠤ ᠪᠠᠶᠠᠷᠯᠠᠨ ᠬᠠᠰᠬᠢᠷ᠂
4 ᠤᠴᠢᠷ ᠨᠢ ᠶᠣᠬᠣᠸᠠ ᠶᠢᠨ ᠦᠭᠡ ᠦᠨᠡᠨ ᠦᠢᠯᠡᠰ ᠪᠦᠬᠦᠨ ᠨᠢ ᠢᠲᠡᠭᠡᠮᠵᠢᠲᠠᠢ᠃
5 ᠶᠣᠬᠣᠸᠠ ᠵᠥᠪ ᠰᠢᠳᠤᠷᠭᠤ ᠶᠢ ᠬᠠᠢᠷᠠᠯᠠᠳᠠᠭ ᠭᠠᠵᠠᠷ ᠳᠡᠯᠡᠬᠡᠢ ᠦᠨᠡᠨ ᠬᠠᠢᠷ᠎ᠠ ᠪᠠᠷ ᠨᠢ ᠳᠦᠭᠦᠷᠡᠩ᠃
6 ᠲᠩᠷᠢ ᠶᠣᠬᠣᠸᠠ ᠶᠢᠨ ᠦᠭᠡ ᠪᠡᠷ ᠪᠦᠲᠦᠭᠡᠭᠳᠡᠪᠡ ᠲᠦᠭ ᠲᠦᠮᠡᠨ ᠨᠢ ᠠᠮᠠᠨ ᠤ ᠬᠢᠨᠢ ᠠᠮᠢᠰᠬᠤᠯ ᠢᠶᠠᠷ ᠪᠤᠢ ᠪᠣᠯᠪᠠ᠃
7 ᠲᠡᠷᠡ ᠳᠠᠯᠠᠢ ᠶᠢᠨ ᠤᠰᠤ ᠶᠢ ᠳᠠᠯᠠᠩ ᠮᠡᠲᠦ ᠬᠤᠷᠢᠶᠠᠵᠤ ᠭᠦᠨ ᠦ ᠤᠰᠤ ᠶᠢ ᠬᠥᠮᠥᠷᠭᠡ ᠳᠦ ᠬᠤᠷᠠᠮᠳᠤᠯᠠᠭᠤᠯᠵᠤ ᠪᠠᠢᠳᠠᠭ᠃
8 ᠪᠦᠬᠦ ᠳᠡᠯᠡᠬᠡᠢ ᠶᠣᠬᠣᠸᠠ ᠠᠴᠠ ᠡᠮᠢᠶᠡᠭ ᠶᠢᠷᠲᠢᠨᠴᠦ ᠶᠢᠨ ᠰᠠᠭᠤᠭᠠᠯᠢᠴᠢᠳ ᠪᠦᠭᠦᠳᠡ ᠲᠡᠭᠦᠨ ᠡᠴᠡ ᠰᠦᠷᠳᠡᠭ᠃
9 ᠲᠡᠭᠦᠨ ᠦ ᠠᠢᠯᠠᠳᠤᠭᠰᠠᠨ ᠢᠶᠠᠷ ᠪᠡᠶᠡᠯᠡᠳᠡᠭ ᠲᠡᠭᠦᠨ ᠦ ᠲᠤᠰᠢᠶᠠᠭᠰᠠᠨ ᠢᠶᠠᠷ ᠲᠣᠭᠲᠠᠳᠠᠭ᠃
10 ᠶᠣᠬᠣᠸᠠ ᠦᠨᠳᠦᠰᠦᠲᠡᠨ ᠨᠦᠭᠦᠳ ᠦᠨ ᠵᠥᠪᠯᠡᠯᠭᠡ ᠶᠢ ᠬᠣᠭᠣᠰᠣᠷᠠᠭᠤᠯᠵᠤ ᠶᠠᠰᠤᠲᠠᠨ ᠨᠤᠭᠤᠳ ᠤᠨ ᠲᠥᠯᠥᠪᠯᠡᠭᠡ ᠶᠢ ᠨᠤᠷᠠᠭᠠᠳᠠᠭ᠃
11 ᠶᠣᠬᠣᠸᠠ ᠶᠢᠨ ᠵᠥᠪᠯᠡᠯᠭᠡ ᠨᠢ ᠮᠥᠩᠬᠡᠳᠡ ᠵᠢᠷᠦᠬᠡᠨ ᠦ ᠬᠢᠨᠢ ᠲᠥᠯᠥᠪᠯᠡᠭᠡ ᠦᠶ᠎ᠡ ᠶᠢᠨ ᠦᠶ᠎ᠡ ᠳᠦ ᠲᠣᠭᠲᠠᠨ᠎ᠠ᠃
12 ᠶᠣᠬᠣᠸᠠ ᠢᠶᠠᠷ ᠪᠤᠷᠬᠠᠨ ᠢᠶᠠᠨ ᠪᠣᠯᠭᠠᠭᠰᠠᠨ ᠦᠨᠳᠦᠰᠦᠲᠡᠨ ᠲᠡᠭᠦᠨ ᠳᠦ ᠰᠢᠯᠢᠭᠳᠡᠭᠰᠡᠨ᠂ ᠲᠡᠭᠦᠨ ᠦ ᠥᠮᠴᠢ ᠠᠷᠠᠳ ᠲᠦᠮᠡᠨ ᠪᠤᠶᠠᠨ ᠲᠠᠢ︕
13 ᠶᠣᠬᠣᠸᠠ ᠲᠩᠷᠢ ᠡᠴᠡ ᠠᠵᠢᠭᠯᠠᠳᠠᠭ ᠪᠦᠬᠦ ᠬᠥᠮᠦᠨ ᠦ ᠬᠥᠪᠡᠭᠦᠨ ᠢ ᠬᠠᠷᠠᠳᠠᠭ᠂
14 ᠵᠠᠯᠠᠷᠠᠨ ᠪᠠᠢᠭ᠎ᠠ ᠭᠠᠵᠠᠷ ᠠᠴᠠ ᠪᠠᠨ ᠳᠡᠯᠡᠬᠡᠢ ᠶᠢᠨ ᠪᠦᠬᠦ ᠰᠠᠭᠤᠭᠠᠯᠢᠴᠢᠳ ᠤᠷᠤᠭᠤ ᠰᠢᠷᠲᠡᠳᠡᠭ᠃
15 ᠲᠡᠷᠡ ᠲᠡᠳᠡ ᠪᠦᠭᠦᠳᠡ ᠶᠢᠨ ᠵᠢᠷᠦᠬᠡ ᠶᠢ ᠬᠡᠯᠪᠡᠷᠢᠵᠢᠭᠦᠯᠦᠭᠰᠡᠨ ᠲᠡᠷᠡ ᠲᠡᠳᠡ ᠪᠦᠭᠦᠳᠡ ᠶᠢᠨ ᠦᠢᠯᠡᠰ ᠢ ᠠᠩᠵᠠᠭᠠᠷᠠᠵᠤ ᠪᠠᠢᠨ᠎ᠠ᠃
16 ᠣᠯᠠᠨ ᠴᠡᠷᠢᠭ ᠢᠶᠠᠷ ᠬᠠᠭᠠᠨ ᠠᠪᠤᠷᠠᠭᠳᠠᠬᠤ ᠪᠢᠰᠢ ᠦᠯᠡᠮᠵᠢ ᠬᠦᠴᠦ ᠪᠡᠷ ᠪᠠᠭᠠᠲᠤᠷ ᠴᠢᠯᠥᠭᠡᠯᠡᠭᠳᠡᠬᠦ ᠪᠢᠰᠢ᠂
17 ᠠᠪᠤᠷᠠᠯ ᠬᠡᠷᠡᠭ ᠲᠡᠢ ᠴᠠᠭ ᠲᠤ ᠮᠣᠷᠢ ᠲᠤᠰᠠ ᠪᠣᠯᠬᠤ ᠦᠭᠡᠢ ᠦᠯᠡᠮᠵᠢ ᠲᠡᠩᠬᠡᠭᠡ ᠲᠠᠢ ᠴᠤ ᠲᠡᠷᠡ ᠴᠢᠯᠥᠭᠡᠯᠡᠵᠦ ᠦᠯᠦ ᠴᠢᠳᠠᠨ᠎ᠠ᠃
18 ᠬᠠᠷ᠎ᠠ᠂ ᠶᠣᠬᠣᠸᠠ ᠶᠢᠨ ᠮᠡᠯᠮᠡᠢ ᠥᠪᠡᠷ ᠡᠴᠡ ᠨᠢ ᠡᠮᠢᠶᠡᠭᠴᠢᠳ ᠤᠨ ᠳᠡᠭᠡᠷ᠎ᠡ ᠦᠨᠡᠨ ᠬᠠᠢᠷ᠎ᠠ ᠳᠤᠨᠢ ᠨᠠᠢᠳᠠᠭᠴᠢᠳ ᠤᠨ ᠳᠡᠭᠡᠷ᠎ᠡ ᠪᠠᠢᠵᠤ
19 ᠦᠬᠦᠯ ᠡᠴᠡ ᠠᠮᠢ ᠶᠢ ᠨᠢ ᠠᠪᠤᠷᠠᠵᠤ ᠥᠯᠥᠰᠬᠥᠯᠡᠩ ᠦᠨ ᠳᠤᠮᠳᠠ ᠲᠡᠳᠡᠨ ᠢ ᠠᠮᠢᠳᠤ ᠦᠯᠡᠳᠡᠭᠡᠨ᠎ᠡ᠃
20 ᠪᠢᠳᠡᠨ ᠦ ᠰᠡᠳᠬᠢᠯ ᠶᠣᠬᠣᠸᠠ ᠳᠤ ᠨᠠᠢᠳᠠᠳᠠᠭ ᠪᠢᠳᠡᠨ ᠦ ᠲᠤᠰᠠᠯᠠᠮᠵᠢ᠂ ᠪᠢᠳᠡᠨ ᠦ ᠪᠠᠮᠪᠠᠢ ᠪᠣᠯ ᠲᠡᠷᠡ ᠶᠤᠮ᠃
21 ᠪᠢᠳᠡ ᠲᠡᠭᠦᠨ ᠦ ᠠᠷᠢᠭᠤᠨ ᠨᠡᠷ᠎ᠡ ᠳᠦ ᠢᠲᠡᠭᠡᠭᠰᠡᠨ ᠪᠢᠳᠡᠨ ᠦ ᠵᠢᠷᠦᠬᠡ ᠲᠡᠭᠦᠨ ᠳᠣᠲᠣᠷ᠎ᠠ ᠪᠠᠶᠠᠷᠯᠠᠨ᠎ᠠ᠃
22 ᠶᠣᠬᠣᠸᠠ᠂ ᠪᠢᠳᠡ ᠲᠠᠨ ᠳᠤ ᠨᠠᠢᠳᠠᠳᠠᠭ᠂ ᠲᠠᠨ ᠤ ᠦᠨᠡᠨ ᠬᠠᠢᠷ᠎ᠠ ᠪᠢᠳᠡᠨ ᠦ ᠳᠡᠭᠡᠷ᠎ᠡ ᠣᠷᠣᠰᠢᠬᠤ ᠪᠣᠯᠲᠤᠭᠠᠢ᠃