1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠬᠣᠷᠢᠨ ᠨᠠᠢ᠌ᠮᠠ
 ᠥᠷᠥᠰᠢᠶᠡᠯ ᠦᠨ ᠭᠤᠶᠤᠯᠲᠠ᠂ ᠠᠪᠤᠷᠠᠯ ᠤᠨ ᠲᠠᠯᠠᠷᠬᠠᠯ
 ᠳ᠋ᠠᠸᠢᠳ᠋ ᠤᠨ ᠳᠠᠭᠤᠯᠠᠯ᠃

1 ᠪᠢ ᠲᠠᠨ ᠢ ᠳᠠᠭᠤᠳᠠᠵᠤ ᠪᠠᠢᠨ᠎ᠠ᠂ ᠶᠣᠬᠣᠸᠠ᠂ ᠬᠠᠳᠠ ᠮᠢᠨᠢ᠂ ᠪᠢᠲᠡᠭᠡᠢ ᠮᠢᠨᠦᠬᠢ ᠶᠢ ᠰᠣᠨᠣᠰᠬᠤ ᠦᠭᠡᠢ ᠪᠠᠢᠭᠠᠴᠢ ᠲᠠ ᠳᠠᠭᠤ ᠦᠭᠡᠢ ᠪᠠᠢᠪᠠᠯ ᠪᠢ ᠨᠦᠬᠡ ᠤᠷᠤᠭᠤ ᠪᠠᠭᠤᠬᠤ ᠬᠥᠮᠦᠰ ᠲᠡᠢ ᠠᠳᠠᠯᠢ ᠪᠣᠯᠣᠨ᠎ᠠ᠃
2 ᠠᠷᠢᠭᠤᠨ ᠠᠴᠠ ᠠᠷᠢᠭᠤᠨ ᠭᠠᠵᠠᠷ ᠥᠭᠡᠳᠡ ᠲᠠᠨᠢ ᠭᠠᠷ ᠢᠶᠠᠨ ᠡᠷᠭᠦᠨ ᠲᠠᠨ ᠤ ᠥᠭᠡᠳᠡ ᠬᠠᠰᠬᠢᠷᠬᠤ ᠳᠤ ᠮᠢᠨᠢ ᠭᠤᠶᠤᠯᠲᠠ ᠶᠢᠨ ᠳᠠᠭᠤ ᠶᠢ ᠮᠢᠨᠢ ᠲᠠ ᠰᠣᠨᠣᠰᠣᠭᠠᠴᠢ
3 ᠬᠣᠷᠣᠨ ᠰᠡᠳᠬᠢᠯ ᠲᠠᠢ ᠠᠲᠠᠯ᠎ᠠ ᠪᠠᠨ ᠬᠥᠷᠰᠢ ᠲᠠᠢ ᠪᠠᠨ ᠡᠪ ᠢ ᠶᠠᠷᠢᠳᠠᠭ ᠪᠤᠷᠤᠭᠤᠲᠠᠳ ᠲᠠᠢ ᠬᠠᠮᠲᠤ᠂ ᠪᠤᠵᠠᠷ ᠢ ᠦᠢᠯᠡᠳᠦᠭᠴᠢᠳ ᠲᠠᠢ ᠬᠠᠮᠲᠤ ᠨᠠᠮᠠᠶᠢ ᠪᠦᠦ ᠴᠢᠷᠦᠨ ᠠᠪᠠᠴᠢᠭᠠᠴᠢ
4 ᠦᠢᠯᠡ ᠠᠵᠢᠯ ᠤᠨ ᠬᠢᠨᠢ ᠳᠠᠭᠠᠤ ᠬᠣᠣᠷᠲᠤ ᠦᠢᠯᠡᠳᠦᠯ ᠦᠨ ᠬᠢᠨᠢ ᠳᠠᠭᠠᠤ ᠲᠡᠳᠡᠨ ᠳᠦ ᠬᠠᠷᠢᠭᠤᠯᠤᠭᠠᠴᠢ ᠭᠠᠷ ᠢᠶᠠᠷ ᠢᠶᠠᠨ ᠦᠢᠯᠡᠳᠦᠭᠰᠡᠨ ᠦ ᠬᠢᠨᠢ ᠳᠠᠭᠠᠤ ᠬᠠᠷᠢᠭᠤᠯᠵᠤ ᠬᠢᠭᠰᠡᠨ ᠶᠣᠰᠣᠭᠠᠷ ᠨᠢ ᠲᠡᠳᠡᠨ ᠳᠦ ᠪᠤᠴᠠᠭᠠᠭᠠᠴᠢ᠃
5 ᠶᠣᠬᠣᠸᠠ ᠶᠢᠨ ᠠᠵᠢᠯ ᠤᠳ ᠢ ᠮᠤᠲᠤᠷ ᠤᠨ ᠬᠢᠨᠢ ᠦᠢᠯᠡ ᠶᠢ ᠣᠢᠰᠢᠶᠠᠳᠠᠭ ᠦᠭᠡᠢ ᠲᠤᠯᠠ ᠶᠣᠬᠣᠸᠠ ᠲᠡᠳᠡᠨ ᠢ ᠤᠰᠠᠳᠬᠠᠵᠤ᠂ ᠳᠠᠬᠢᠨ ᠪᠣᠰᠬᠠᠬᠤ ᠦᠭᠡᠢ᠃

6 ᠶᠣᠬᠣᠸᠠ ᠮᠠᠭᠲᠠᠭᠳᠠᠬᠤ ᠪᠣᠯᠲᠤᠭᠠᠢ ᠭᠤᠶᠤᠯᠲᠠ ᠶᠢᠨ ᠳᠠᠭᠤ ᠶᠢ ᠮᠢᠨᠢ ᠲᠡᠷᠡ ᠰᠣᠨᠣᠰᠣᠯ᠎ᠠ᠃
7 ᠶᠣᠬᠣᠸᠠ ᠪᠣᠯ ᠮᠢᠨᠦ ᠬᠦᠴᠦ᠂ ᠮᠢᠨᠦ ᠪᠠᠮᠪᠠᠢ ᠵᠢᠷᠦᠬᠡ ᠮᠢᠨᠢ ᠲᠡᠭᠦᠨ ᠳᠦ ᠨᠠᠢᠳᠠᠳᠠᠭ᠂ ᠪᠢ ᠲᠤᠰᠠ ᠶᠢ ᠨᠢ ᠬᠦᠷᠲᠡᠳᠡᠭ ᠵᠢᠷᠦᠬᠡ ᠮᠢᠨᠢ ᠪᠠᠶᠠᠷᠯᠠᠵᠤ ᠥᠪᠡᠷ ᠦᠨ ᠳᠠᠭᠤᠤ ᠪᠠᠷ ᠲᠡᠭᠦᠨ ᠳᠦ ᠲᠠᠯᠠᠷᠬᠠᠨ᠎ᠠ᠃
8 ᠶᠣᠬᠣᠸᠠ ᠠᠷᠠᠳ ᠲᠦᠮᠡᠨ ᠦ ᠪᠠᠨ ᠬᠦᠴᠦ ᠲᠣᠰᠣᠯᠠᠭᠳᠠᠭᠰᠠᠨ ᠨᠢᠭᠡᠨ ᠦ ᠪᠠᠨ ᠠᠪᠤᠷᠠᠯ ᠤᠨ ᠴᠠᠢᠵᠠ ᠶᠤᠮ᠃
9 ᠲᠠ ᠠᠷᠠᠳ ᠲᠦᠮᠡᠨ ᠢᠶᠡᠨ ᠠᠪᠤᠷᠠᠵᠤ ᠥᠮᠴᠢ ᠪᠠᠨ ᠠᠳᠢᠰᠯᠠᠭᠠᠴᠢ ᠲᠡᠳᠡᠨ ᠦ ᠪᠠᠨ ᠬᠣᠨᠢᠴᠢᠨ ᠪᠣᠯᠵᠤ ᠮᠥᠩᠬᠡᠳᠡ ᠡᠭᠦᠷᠴᠦ ᠶᠠᠪᠤᠭᠠᠴᠢ᠃