ᠳᠠᠭᠤᠯᠠᠯ ᠳᠥᠴᠢᠨ ᠭᠤᠷᠪᠠ
ᠵᠥᠪᠲᠥᠭᠡᠨ ᠵᠣᠯᠢᠵᠤ ᠠᠪᠤᠭᠠᠴᠢ
1 ᠪᠤᠷᠬᠠᠨ ᠮᠢᠨᠢ᠂ ᠨᠠᠮᠠᠶᠢ ᠴᠠᠭᠠᠳᠬᠠᠭᠠᠴᠢ ᠦᠨᠡᠨᠴᠢ ᠪᠤᠰᠤ ᠦᠨᠳᠦᠰᠦᠲᠡᠨ ᠡᠴᠡ ᠮᠢᠨᠦ ᠬᠡᠷᠡᠭ ᠢ ᠥᠮᠥᠭᠯᠡᠨ ᠪᠠᠴᠢᠲᠤ ᠪᠤᠷᠤᠭᠤᠲᠠᠨ ᠠᠴᠠ ᠨᠠᠮᠠᠶᠢ ᠭᠡᠲᠦᠯᠭᠡᠭᠡᠴᠢ᠃
2 ᠪᠡᠬᠢᠯᠡᠯᠲᠡ ᠮᠢᠨᠢ ᠪᠤᠷᠬᠠᠨ ᠲᠠ ᠪᠢᠯᠡ ᠶᠠᠭᠠᠬᠢᠭᠠᠳ ᠲᠠ ᠨᠠᠮᠠᠶᠢ ᠣᠷᠬᠢᠪᠠ︖ ᠶᠠᠭᠠᠬᠢᠭᠠᠳ ᠪᠢ ᠳᠠᠢᠰᠤᠨ ᠤ ᠳᠠᠷᠤᠮᠲᠠ ᠠᠴᠠ ᠪᠣᠯᠵᠤ ᠭᠠᠰᠢᠭᠤᠳᠠᠨ ᠶᠠᠪᠤᠬᠤ ᠶᠣᠰᠣᠲᠠᠢ ᠪᠤᠢ︖
3 ᠭᠡᠷᠡᠯ ᠪᠠ ᠦᠨᠡᠨ ᠢᠶᠡᠨ ᠢᠯᠡᠭᠡᠨ᠎ᠡ ᠤᠤ︖ ᠲᠡᠳᠡ ᠨᠠᠮᠠᠶᠢ ᠬᠥᠲᠥᠯᠥᠨ᠎ᠡ᠂ ᠲᠡᠳᠡ ᠨᠠᠮᠠᠶᠢ ᠲᠠᠨ ᠤ ᠠᠷᠢᠭᠤᠨ ᠠᠭᠤᠯᠠ᠂ ᠲᠠᠨ ᠤ ᠣᠷᠣᠰᠢᠬᠤ ᠭᠠᠵᠠᠷ ᠲᠤ ᠠᠪᠠᠴᠢᠨ᠎ᠠ᠃
4 ᠲᠡᠭᠡᠪᠡᠯ ᠪᠢ ᠪᠤᠷᠬᠠᠨ ᠤ ᠲᠠᠬᠢᠯ ᠤᠨ ᠰᠢᠷᠡᠭᠡᠨ ᠳᠦ ᠬᠦᠷᠴᠦ ᠮᠢᠨᠦ ᠣᠨᠴᠠᠭᠠᠢ ᠪᠠᠶᠠᠷ ᠪᠣᠯᠣᠭᠰᠠᠨ ᠪᠤᠷᠬᠠᠨ ᠢᠶᠠᠨ ᠪᠣᠰᠣᠭ᠎ᠠ ᠶᠠᠲᠤᠭ᠎ᠠ ᠪᠠᠷ ᠮᠠᠭᠲᠠᠨ᠎ᠠ ᠪᠤᠷᠬᠠᠨ᠂ ᠮᠢᠨᠦ ᠪᠤᠷᠬᠠᠨ᠃
5 ᠰᠡᠳᠬᠢᠯ ᠮᠢᠨᠢ ᠡ᠂ ᠴᠢ ᠶᠠᠭᠤᠨ ᠳᠤ ᠴᠥᠬᠥᠷᠡᠨ᠎ᠡ ᠪᠤᠢ︖ ᠶᠠᠭᠠᠬᠢᠭᠠᠳ ᠴᠢ ᠮᠢᠨᠦ ᠳᠣᠲᠣᠷ᠎ᠠ ᠤᠢᠮᠤᠷᠠᠨ᠎ᠠ ᠪᠤᠢ︖ ᠪᠤᠷᠬᠠᠨ ᠳᠤ ᠨᠠᠢᠳᠠ ᠮᠢᠨᠦ ᠠᠪᠤᠷᠠᠯ ᠪᠣᠯ ᠲᠡᠷᠡ ᠪᠢ ᠲᠡᠭᠦᠨ ᠢ ᠳᠠᠬᠢᠨᠲᠠ ᠮᠠᠭᠲᠠᠨ᠎ᠠ᠃