ᠳᠠᠭᠤᠯᠠᠯ ᠵᠠᠭᠤ ᠭᠤᠷᠪᠠ
ᠠᠴᠢ ᠲᠤᠰᠠ ᠶᠢ ᠮᠠᠭᠲᠠᠪᠠ
ᠳ᠋ᠠᠸᠢᠳ᠋ ᠤᠨ ᠳᠠᠭᠤᠯᠠᠯ᠃
1 ᠮᠢᠨᠦ ᠰᠦᠨᠡᠰᠦ ᠡ᠂ ᠶᠣᠬᠣᠸᠠ ᠶᠢ᠂ ᠮᠢᠨᠦ ᠳᠣᠲᠣᠷ᠎ᠠ ᠪᠠᠢᠭ᠎ᠠ ᠪᠦᠬᠦᠨ ᠡ᠂ ᠠᠷᠢᠭᠤᠨ ᠨᠡᠷ᠎ᠡ ᠶᠢ ᠨᠢ ᠠᠯᠳᠠᠷᠰᠢᠭᠤᠯ᠃
2 ᠮᠢᠨᠦ ᠰᠦᠨᠡᠰᠦ ᠡ᠂ ᠶᠣᠬᠣᠸᠠ ᠶᠢ ᠠᠯᠳᠠᠷᠰᠢᠭᠤᠯ᠂ ᠠᠴᠢ ᠲᠤᠰᠠ ᠶᠢ ᠨᠢ ᠪᠦᠦ ᠮᠠᠷᠲᠠ᠃
3 ᠲᠡᠷᠡ ᠪᠣᠯ ᠪᠦᠬᠦ ᠨᠢᠭᠦᠯ ᠢ ᠴᠢᠨᠢ ᠠᠭᠤᠴᠢᠯᠠᠭᠴᠢ ᠪᠦᠬᠦ ᠡᠪᠡᠳᠴᠢᠨ ᠢ ᠴᠢᠨᠢ ᠢᠯᠠᠷᠢᠰᠢᠭᠤᠯᠤᠭᠴᠢ
4 ᠠᠮᠢ ᠶᠢ ᠴᠢᠨᠢ ᠮᠥᠬᠥᠯ ᠡᠴᠡ ᠵᠣᠯᠢᠭᠴᠢ ᠡᠨᠡᠷᠢᠯ ᠥᠷᠥᠰᠢᠶᠡᠯ ᠦᠨ ᠢᠶᠠᠨ ᠲᠢᠲᠢᠮ ᠢ ᠴᠢᠮ᠎ᠠ ᠳᠤ ᠵᠡᠭᠦᠯᠭᠡᠭᠴᠢ
5 ᠠᠮᠢᠳᠤᠷᠠᠯ ᠢ ᠴᠢᠨᠢ ᠰᠠᠢᠨ ᠢᠶᠠᠷ ᠬᠠᠩ᠋ᠭᠠᠭᠴᠢ ᠶᠤᠮ᠂ ᠵᠠᠯᠠᠭᠤ ᠨᠠᠰᠤ ᠴᠢᠨᠢ ᠪᠦᠷᠭᠦᠳ ᠦᠨ ᠬᠢ ᠮᠡᠲᠦ ᠰᠢᠨᠡᠴᠢᠯᠡᠭᠳᠡᠨᠡ᠃
6 ᠶᠣᠬᠣᠸᠠ ᠪᠣᠯ ᠳᠠᠷᠤᠯᠠᠭᠳᠠᠭᠰᠠᠨ ᠪᠦᠬᠦᠨ ᠦ ᠲᠥᠯᠥᠭᠡ ᠵᠥᠪ ᠰᠢᠳᠤᠷᠭᠤ ᠶᠢ ᠦᠢᠯᠡᠳᠦᠭᠴᠢ᠂
7 ᠲᠡᠷᠡ ᠥᠪᠡᠷ ᠦᠨ ᠢᠶᠠᠨ ᠵᠠᠮ ᠢ ᠮᠣᠰᠧ ᠳᠤ ᠥᠪᠡᠷ ᠦᠨ ᠢᠶᠠᠨ ᠦᠢᠯᠡ ᠶᠢ ᠢᠰᠷᠧᠯᠴᠦᠳ ᠲᠦ ᠮᠡᠳᠡᠭᠦᠯᠵᠦ ᠪᠠᠢᠭᠰᠠᠨ᠃
8 ᠶᠣᠬᠣᠸᠠ ᠪᠣᠯ ᠥᠷᠥᠪᠴᠢ᠂ ᠨᠢᠭᠦᠯᠡᠰᠦᠩᠭᠦᠢ ᠠᠭᠤᠷᠯᠠᠬᠤ ᠳᠠᠭᠠᠨ ᠤᠳᠠᠭᠠᠨ᠂ ᠡᠨᠡᠷᠢᠯ ᠢᠶᠠᠷ ᠪᠢᠯᠬᠠᠮ᠎ᠠ᠂
9 ᠦᠷᠭᠦᠯᠵᠢ ᠵᠢᠮᠡᠯᠡᠭᠡᠳ ᠪᠠᠢᠳᠠᠭ ᠪᠢᠰᠢ ᠠᠭᠤᠷ ᠢᠶᠠᠨ ᠦᠷᠭᠦᠯᠵᠢ ᠬᠠᠳᠠᠭᠠᠯᠠᠭᠠᠳ ᠪᠠᠢᠳᠠᠭ ᠪᠢᠰᠢ
10 ᠪᠢᠳᠡᠨ ᠳᠦ ᠭᠡᠮ ᠦᠨ ᠮᠢᠨᠢ ᠳᠠᠭᠠᠤ ᠬᠠᠨᠳᠤᠳᠠᠭ ᠪᠢᠰᠢ ᠬᠢᠯᠢᠨᠴᠡ ᠶᠢᠨ ᠮᠢᠨᠢ ᠶᠣᠰᠣᠭᠠᠷ ᠬᠠᠷᠢᠭᠤᠯᠳᠠᠭ ᠪᠢᠰᠢ᠃
11 ᠲᠩᠷᠢ ᠨᠢ ᠭᠠᠵᠠᠷ ᠠᠴᠠ ᠥᠨᠳᠥᠷ ᠪᠠᠢᠳᠠᠭ ᠤᠨ ᠠᠳᠠᠯᠢ ᠲᠡᠭᠦᠨ ᠦ ᠬᠠᠢᠷ᠎ᠠ ᠡᠨᠡᠷᠢᠯ ᠥᠪᠡᠷ ᠡᠴᠡ ᠨᠢ ᠡᠮᠢᠶᠡᠭᠴᠢᠳ ᠲᠤ ᠦᠯᠡᠮᠵᠢ᠃
12 ᠥᠷᠥᠨ᠎ᠡ ᠨᠢ ᠳᠣᠷᠣᠨ᠎ᠠ ᠠᠴᠠ ᠬᠣᠯᠠ ᠪᠠᠢᠳᠠᠭ ᠤᠨ ᠠᠳᠠᠯᠢ ᠲᠡᠷᠡ ᠪᠢᠳᠡᠨ ᠦ ᠭᠡᠮ ᠢ ᠪᠢᠳᠡᠨ ᠡᠴᠡ ᠬᠣᠯᠠᠳᠠᠭᠤᠯᠤᠭᠰᠠᠨ᠃
13 ᠡᠴᠢᠭᠡ ᠬᠥᠮᠦᠨ ᠬᠡᠦᠬᠡᠳ ᠤᠳ ᠢᠶᠠᠨ ᠥᠷᠥ ᠡᠪᠡᠳᠳᠡᠭ ᠦᠨ ᠠᠳᠠᠯᠢ ᠶᠣᠬᠣᠸᠠ ᠥᠪᠡᠷ ᠡᠴᠡ ᠨᠢ ᠡᠮᠢᠶᠡᠭᠴᠢᠳ ᠢ ᠥᠷᠥ ᠡᠪᠡᠳᠳᠡᠭ᠂
14 ᠪᠢᠳᠡᠨ ᠦ ᠬᠡᠷᠬᠢᠨ ᠬᠡᠯᠪᠡᠷᠢᠵᠢᠭᠰᠡᠨ ᠢ ᠲᠡᠷᠡ ᠮᠡᠳᠡᠳᠡᠭ ᠪᠢᠳᠡ ᠪᠣᠯ ᠲᠣᠭᠣᠰᠣ ᠰᠢᠷᠣᠢ ᠭᠡᠳᠡᠭ ᠢ ᠲᠡᠷᠡ ᠰᠠᠨᠠᠵᠤ ᠪᠠᠢᠳᠠᠭ᠃
15 ᠬᠥᠮᠦᠨ ᠦ ᠡᠳᠦᠷ ᠬᠣᠨᠣᠭ ᠡᠪᠡᠰᠦ ᠮᠡᠲᠦ ᠬᠡᠭᠡᠷ᠎ᠡ ᠶᠢᠨ ᠴᠡᠴᠡᠭ ᠮᠡᠲᠦ ᠳᠡᠯᠭᠡᠷᠡᠭᠡᠳ
16 ᠰᠠᠯᠬᠢ ᠥᠩᠭᠡᠷᠡᠬᠦ ᠳᠦ ᠠᠯᠠᠭ᠎ᠠ ᠪᠣᠯᠣᠨ᠎ᠠ᠂ ᠭᠠᠵᠠᠷ ᠲᠡᠭᠦᠨ ᠢ ᠰᠠᠨᠠᠳᠠᠭ ᠦᠭᠡᠢ᠃
17 ᠭᠡᠪᠡᠴᠦ ᠶᠣᠬᠣᠸᠠ ᠶᠢᠨ ᠡᠨᠡᠷᠢᠯ ᠡᠭᠦᠷᠢᠳᠡ ᠶᠢᠨ ᠡᠭᠦᠷᠢᠳᠡ ᠥᠪᠡᠷ ᠡᠴᠡ ᠨᠢ ᠡᠮᠢᠶᠡᠭᠴᠢᠳ ᠤᠨ ᠳᠡᠭᠡᠷ᠎ᠡ᠂ ᠶᠣᠬᠣᠸᠠ ᠶᠢᠨ ᠵᠥᠪ ᠦᠢᠯᠡᠰ ᠲᠡᠳᠡᠨ ᠦ ᠬᠥᠪᠡᠭᠦᠳ ᠦᠨ ᠬᠥᠪᠡᠭᠦᠳ ᠲᠦ
18 ᠮᠥᠨ ᠲᠡᠭᠦᠨ ᠦ ᠭᠡᠷ᠎ᠡ ᠶᠢ ᠰᠠᠬᠢᠭᠴᠢᠳ ᠲᠤ ᠲᠡᠭᠦᠨ ᠦ ᠵᠢᠭᠠᠪᠤᠷᠢ ᠨᠤᠭᠤᠳ ᠢ ᠰᠠᠨᠠᠨ ᠪᠡᠶᠡᠯᠡᠭᠦᠯᠦᠭᠴᠢᠳ ᠲᠤ ᠪᠠᠢᠬᠤ ᠪᠣᠯᠣᠨ᠎ᠠ᠃
19 ᠶᠣᠬᠣᠸᠠ ᠰᠡᠨᠲᠢ ᠪᠠᠨ ᠲᠩᠷᠢ ᠳᠤ ᠲᠣᠭᠲᠠᠭᠠᠪᠠ ᠲᠡᠭᠦᠨ ᠦ ᠬᠠᠭᠠᠨᠴᠢᠯᠠᠯ ᠪᠦᠬᠦᠨ ᠢ ᠵᠠᠬᠢᠷᠳᠠᠭ᠃
20 ᠶᠣᠬᠣᠸᠠ ᠶᠢ ᠠᠯᠳᠠᠷᠰᠢᠭᠤᠯ᠂ ᠲᠩᠷᠢ ᠡᠯᠴᠢᠳ ᠡ᠂ ᠲᠡᠭᠦᠨ ᠦ ᠳᠠᠭᠤ ᠬᠣᠭᠣᠯᠠᠢ ᠶᠢ ᠳᠠᠭᠠᠵᠤ ᠲᠡᠭᠦᠨ ᠦ ᠦᠭᠡ ᠶᠢ ᠪᠡᠶᠡᠯᠡᠭᠦᠯᠳᠡᠭ ᠬᠦᠴᠦᠲᠦ ᠪᠠᠭᠠᠲᠤᠷ ᠤᠳ ᠡ᠂
21 ᠶᠣᠬᠣᠸᠠ ᠶᠢ ᠠᠯᠳᠠᠷᠰᠢᠭᠤᠯ᠂ ᠲᠡᠭᠦᠨ ᠦ ᠰᠠᠨᠠᠭ᠎ᠠ ᠶᠢ ᠪᠡᠶᠡᠯᠡᠭᠦᠯᠦᠨ ᠲᠡᠭᠦᠨ ᠳᠦ ᠦᠢᠯᠡᠴᠢᠯᠡᠳᠡᠭ᠌ ᠲᠩᠷᠢ ᠶᠢᠨ ᠲᠦᠭ ᠲᠦᠮᠡᠨ ᠡ᠂
22 ᠶᠣᠬᠣᠸᠠ ᠶᠢ ᠳᠡᠭᠡᠳᠦᠯᠡᠭᠲᠦᠨ᠂ ᠲᠡᠭᠦᠨ ᠦ ᠵᠠᠬᠢᠷᠳᠠᠭ ᠪᠦᠬᠦ ᠭᠠᠵᠠᠷ ᠲᠤ ᠪᠠᠢᠭ᠎ᠠ ᠲᠡᠭᠦᠨ ᠦ ᠪᠦᠬᠦ ᠪᠦᠲᠦᠭᠡᠯ ᠡ᠂ ᠶᠣᠬᠣᠸᠠ ᠶᠢ ᠳᠡᠭᠡᠳᠦᠯᠡᠭᠲᠦᠨ᠂ ᠮᠢᠨᠦ ᠰᠦᠨᠡᠰᠦ ᠡ︕