1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠭᠤᠴᠢᠨ ᠳᠥᠷᠪᠡ
 ᠪᠤᠷᠬᠠᠨ ᠤ ᠬᠠᠮᠠᠭᠠᠯᠠᠯᠲᠠ ᠶᠢᠨ ᠳᠣᠣᠷ᠎ᠠ
 ᠳ᠋ᠠᠸᠢᠳ᠋ ᠤᠨ ᠠᠪᠢᠮᠧᠯᠧᠺ ᠤᠨ ᠡᠮᠦᠨ᠎ᠡ ᠰᠣᠯᠢᠶᠠᠷᠠᠭᠰᠠᠨ ᠳᠦᠷᠢ ᠦᠵᠡᠭᠦᠯᠵᠦ᠂ ᠬᠥᠭᠡᠭᠡᠭᠳᠡᠭᠡᠳ ᠶᠠᠪᠤᠬᠤ ᠦᠶ᠎ᠡ ᠶᠢᠨ ᠳᠠᠭᠤᠯᠠᠯ᠃

1 ᠪᠢ ᠶᠣᠬᠣᠸᠠ ᠶᠢ ᠴᠠᠭ ᠢᠮᠠᠭᠲᠠ ᠳᠡᠭᠡᠳᠦᠯᠡᠨ᠎ᠡ ᠲᠡᠭᠦᠨ ᠦ ᠮᠠᠭᠲᠠᠭᠠᠯ ᠮᠢᠨᠦ ᠠᠮᠠᠨ ᠳᠤ ᠦᠷᠭᠦᠯᠵᠢ ᠪᠠᠢᠬᠤ ᠪᠣᠯᠣᠨ᠎ᠠ᠃
2 ᠰᠡᠳᠬᠢᠯ ᠮᠢᠨᠢ ᠶᠣᠬᠣᠸᠠ ᠪᠠᠷ ᠰᠠᠢᠷᠬᠠᠨ᠎ᠠ ᠳᠠᠷᠤᠤ ᠨᠢᠭᠡᠨ ᠨᠢ ᠰᠣᠨᠣᠰᠣᠭᠠᠳ ᠪᠠᠶᠠᠷᠯᠠᠨ᠎ᠠ᠃
3 ᠲᠠ ᠨᠠᠷ ᠨᠠᠳᠠ ᠲᠠᠢ ᠬᠠᠮᠲᠤ ᠶᠣᠬᠣᠸᠠ ᠶᠢ ᠠᠯᠳᠠᠷᠰᠢᠭᠤᠯᠵᠤ ᠬᠠᠮᠲᠤ ᠪᠠᠷ ᠢᠶᠠᠨ ᠲᠡᠭᠦᠨ ᠦ ᠨᠡᠷ᠎ᠡ ᠶᠢ ᠳᠡᠭᠡᠳᠦᠯᠡᠭᠲᠦᠨ᠃

4 ᠪᠢ ᠶᠣᠬᠣᠸᠠ ᠶᠢ ᠬᠠᠢᠭᠰᠠᠨ ᠳᠤ᠂ ᠲᠡᠷᠡ ᠬᠠᠷᠢᠭᠤᠯᠵᠤ ᠪᠦᠬᠦ ᠠᠢᠳᠠᠰ ᠠᠴᠠ ᠮᠢᠨᠢ ᠨᠠᠮᠠᠶᠢ ᠠᠪᠤᠷᠠᠭᠰᠠᠨ᠃
5 ᠲᠡᠭᠦᠨ ᠥᠭᠡᠳᠡ ᠰᠢᠷᠲᠡᠭᠴᠢᠳ ᠭᠡᠷᠡᠯᠲᠦᠬᠦ ᠪᠣᠯᠣᠨ᠎ᠠ ᠲᠡᠳᠡᠨ ᠦ ᠨᠢᠭᠤᠷ ᠢᠴᠢᠭᠦᠷᠢ ᠳᠤ ᠣᠷᠣᠬᠤ ᠦᠭᠡᠢ᠃
6 ᠡᠨᠡ ᠳᠣᠷᠣᠢ ᠬᠥᠮᠦᠨ ᠳᠠᠭᠤᠳᠠᠬᠤ ᠳᠤ᠂ ᠶᠣᠬᠣᠸᠠ ᠰᠣᠨᠣᠰᠴᠤ ᠬᠠᠮᠤᠭ ᠵᠣᠪᠠᠯᠠᠩ ᠠᠴᠠ ᠨᠢ ᠠᠪᠤᠷᠠᠭᠰᠠᠨ᠃
7 ᠶᠣᠬᠣᠸᠠ ᠶᠢᠨ ᠡᠯᠴᠢ ᠲᠡᠭᠦᠨ ᠡᠴᠡ ᠡᠮᠢᠶᠡᠭᠴᠢᠳ ᠢ ᠬᠦᠷᠢᠶᠡᠯᠡᠨ ᠬᠤᠸᠠᠷᠠᠩᠨᠠᠵᠤ ᠲᠡᠳᠡᠨ ᠢ ᠴᠢᠯᠥᠭᠡᠯᠡᠳᠡᠭ ᠶᠤᠮ᠃

8 ᠶᠣᠬᠣᠸᠠ ᠶᠢᠨ ᠰᠠᠢᠨ ᠰᠠᠢᠬᠠᠨ ᠢ ᠠᠮᠰᠠᠭᠠᠳ ᠦᠵᠡ ᠲᠡᠭᠦᠨ ᠦ ᠳᠣᠲᠣᠷ᠎ᠠ ᠬᠣᠷᠭᠣᠳᠠᠳᠠᠭ ᠬᠥᠮᠦᠨ ᠪᠤᠶᠠᠨ ᠲᠠᠢ︕
9 ᠲᠡᠭᠦᠨ ᠦ ᠠᠷᠢᠭᠤᠨ ᠬᠥᠮᠦᠰ ᠡ᠂ ᠶᠣᠬᠣᠸᠠ ᠠᠴᠠ ᠡᠮᠢᠶᠡᠵᠡᠭᠡ ᠲᠡᠭᠦᠨ ᠡᠴᠡ ᠡᠮᠢᠶᠡᠭᠴᠢᠳ ᠲᠤ ᠬᠣᠮᠰᠠᠳᠠᠯ ᠠᠯᠠᠭ᠎ᠠ᠃
10 ᠠᠷᠰᠯᠠᠨ ᠴᠤ ᠭᠠᠴᠢᠭᠳᠠᠨ ᠥᠯᠥᠰᠴᠦ ᠪᠠᠢᠳᠠᠭ ᠪᠣᠯ᠂ ᠶᠣᠬᠣᠸᠠ ᠶᠢ ᠬᠠᠢᠭᠴᠢᠳ ᠶᠠᠮᠠᠷ ᠴᠤ ᠰᠠᠢᠨ ᠢᠶᠠᠷ ᠳᠤᠲᠠᠬᠤ ᠦᠭᠡᠢ᠃
11 ᠬᠡᠦᠬᠡᠳ ᠤᠳ ᠮᠢᠨᠢ ᠡ᠂ ᠨᠠᠰᠢ ᠢᠷᠡᠵᠦ᠂ ᠮᠢᠨᠦᠬᠢ ᠶᠢ ᠰᠣᠨᠣᠰ ᠶᠣᠬᠣᠸᠠ ᠠᠴᠠ ᠡᠮᠢᠶᠡᠬᠦᠢ ᠶᠢ ᠪᠢ ᠵᠢᠭᠠᠵᠤ ᠥᠭᠭᠥᠨ᠎ᠡ᠃
12 ᠠᠮᠢ ᠶᠢ ᠬᠠᠢᠷᠠᠯᠠᠨ ᠰᠠᠢᠨ ᠡᠳᠦᠷ ᠤᠳ ᠢ ᠦᠵᠡᠬᠦ ᠶᠢ ᠬᠦᠰᠡᠭᠴᠢ ᠬᠥᠮᠦᠨ ᠨᠢ ᠬᠡᠨ ᠪᠤᠢ︖
13 ᠲᠡᠷᠡ ᠨᠢ ᠬᠡᠯᠡ ᠪᠡᠨ ᠮᠠᠭᠤ ᠠᠴᠠ ᠣᠷᠣᠭᠤᠯ ᠢᠶᠠᠨ ᠮᠡᠬᠡᠲᠦ ᠶᠠᠷᠢᠶᠠᠨ ᠠᠴᠠ ᠬᠠᠮᠠᠭᠠᠯᠠ᠂
14 ᠮᠠᠭᠤ ᠠᠴᠠ ᠡᠷᠭᠢᠵᠦ᠂ ᠰᠠᠢᠨ ᠢ ᠦᠢᠯᠡᠳᠦᠨ ᠠᠮᠤᠭᠤᠯᠠᠩ ᠢ ᠡᠷᠢᠵᠦ᠂ ᠲᠡᠭᠦᠨ ᠢ ᠬᠥᠭᠡᠭᠡᠴᠡᠯᠳᠦ᠃

15 ᠶᠣᠬᠣᠸᠠ ᠶᠢᠨ ᠮᠡᠯᠮᠡᠢ ᠵᠥᠪᠲᠡᠳ ᠦᠨ ᠳᠡᠭᠡᠷ᠎ᠡ ᠪᠠᠢᠵᠤ ᠰᠣᠨᠣᠷ ᠨᠢ ᠲᠡᠳᠡᠨ ᠦ ᠬᠠᠰᠬᠢᠷᠤᠭᠠᠨ ᠤᠷᠤᠭᠤ ᠬᠠᠨᠳᠤᠳᠠᠭ ᠪᠣᠯ᠂
16 ᠶᠣᠬᠣᠸᠠ ᠶᠢᠨ ᠴᠢᠷᠠᠢ ᠮᠠᠭᠤ ᠶᠢ ᠦᠢᠯᠡᠳᠦᠭᠴᠢᠳ ᠤᠨ ᠡᠰᠡᠷᠭᠦ ᠪᠠᠢᠵᠤ ᠲᠡᠳᠡᠨ ᠦ ᠳᠤᠷᠠᠰᠤᠮᠵᠢ ᠶᠢ ᠴᠤ ᠳᠡᠯᠡᠬᠡᠢ ᠡᠴᠡ ᠠᠷᠢᠯᠭᠠᠬᠤ ᠪᠠᠷ ᠪᠠᠢᠨ᠎ᠠ᠃
17 ᠵᠥᠪᠲᠡᠨ ᠬᠠᠰᠬᠢᠷᠪᠠᠯ ᠶᠣᠬᠣᠸᠠ ᠰᠣᠨᠣᠰᠴᠤ ᠬᠠᠮᠤᠭ ᠵᠣᠪᠠᠯᠠᠩ ᠠᠴᠠ ᠨᠢ ᠠᠪᠤᠷᠠᠳᠠᠭ
18 ᠶᠣᠬᠣᠸᠠ ᠡᠮᠲᠡᠷᠡᠭᠰᠡᠨ ᠵᠢᠷᠦᠬᠡᠲᠡᠨ ᠡᠴᠡ ᠣᠢᠷ᠎ᠠ ᠭᠡᠮᠲᠦᠭᠰᠡᠨ ᠰᠦᠨᠡᠰᠦᠲᠡᠨ ᠢ ᠠᠪᠤᠷᠠᠨ᠎ᠠ᠃

19 ᠵᠥᠪᠲᠡᠨ ᠦᠯᠡᠮᠵᠢ ᠵᠣᠪᠠᠯᠠᠩ ᠲᠠᠢ ᠪᠣᠯᠪᠠᠴᠤ ᠶᠣᠬᠣᠸᠠ ᠲᠡᠭᠦᠨ ᠢ ᠲᠡᠷᠡ ᠪᠦᠭᠦᠳᠡ ᠡᠴᠡ ᠴᠢᠯᠥᠭᠡᠯᠡᠨ᠎ᠡ᠃
20 ᠪᠦᠬᠦ ᠶᠠᠰᠤ ᠶᠢ ᠨᠢ ᠲᠡᠷᠡ ᠬᠠᠮᠠᠭᠠᠯᠠᠨ᠎ᠠ ᠲᠡᠳᠡᠭᠡᠷ ᠦᠨ ᠨᠢᠭᠡ ᠨᠢ ᠴᠤ ᠬᠤᠭᠤᠷᠠᠬᠤ ᠦᠭᠡᠢ ᠶᠤᠮ᠃
21 ᠪᠤᠷᠤᠭᠤᠲᠠᠨ ᠬᠣᠷᠣᠨ ᠮᠠᠭᠤ ᠳᠠᠭᠠᠨ ᠦᠬᠦᠨ᠎ᠡ ᠵᠥᠪᠲᠡᠨ ᠦ ᠥᠰᠢᠶᠡᠲᠡᠨ ᠶᠠᠯ᠎ᠠ ᠲᠠᠢ ᠭᠡᠭᠳᠡᠨ᠎ᠡ᠃
22 ᠶᠣᠬᠣᠸᠠ ᠵᠠᠷᠤᠴᠠ ᠨᠠᠷ ᠤᠨ ᠢᠶᠠᠨ ᠠᠮᠢ ᠶᠢ ᠵᠣᠯᠢᠨ ᠠᠪᠤᠨ᠎ᠠ ᠲᠡᠭᠦᠨ ᠦ ᠳᠣᠲᠣᠷ᠎ᠠ ᠬᠣᠷᠭᠣᠳᠠᠬᠤ ᠪᠦᠬᠦᠨ ᠶᠠᠯ᠎ᠠ ᠲᠠᠢ ᠭᠡᠭᠳᠡᠬᠦ ᠦᠭᠡᠢ᠃