ᠳᠠᠭᠤᠯᠠᠯ ᠵᠠᠭᠤ
ᠲᠠᠯᠠᠷᠬᠠᠯ ᠳᠤ ᠤᠷᠢᠶᠠᠯᠠᠪᠠ
ᠲᠠᠯᠠᠷᠬᠠᠯ ᠤᠨ ᠳᠠᠭᠤᠯᠠᠯ᠃
1 ᠪᠦᠬᠦ ᠳᠡᠯᠡᠬᠡᠢ᠂ ᠶᠣᠬᠣᠸᠠ ᠥᠭᠡᠳᠡ ᠪᠠᠶᠠᠰᠤᠯ ᠲᠠᠢ ᠪᠠᠷ ᠬᠠᠰᠬᠢᠷᠤᠭᠲᠤᠨ᠃
2 ᠶᠣᠬᠣᠸᠠ ᠳᠤ ᠪᠠᠶᠠᠷ ᠲᠠᠢ ᠪᠠᠷ ᠮᠥᠷᠭᠥᠭᠲᠦᠨ ᠲᠡᠭᠦᠨ ᠦ ᠣᠷᠣᠰᠢᠬᠤᠢ ᠳᠤ ᠳᠠᠭᠤᠯᠠᠨ ᠢᠷᠡᠭᠲᠦᠨ᠃
3 ᠶᠣᠬᠣᠸᠠ ᠪᠣᠯ ᠪᠢᠳᠡᠨ ᠦ ᠪᠤᠷᠬᠠᠨ ᠭᠡᠳᠡᠭ ᠢ ᠮᠡᠳᠡᠲᠦᠭᠡᠢ᠂ ᠲᠡᠷᠡ ᠪᠣᠯ ᠪᠢᠳᠡᠨ ᠢ ᠪᠦᠲᠦᠭᠡᠭᠴᠢ᠂ ᠪᠢᠳᠡ ᠪᠣᠯ ᠲᠡᠭᠦᠨ ᠦ ᠬᠢ᠂ ᠲᠡᠭᠦᠨ ᠦ ᠠᠷᠠᠳ ᠲᠦᠮᠡᠨ᠂ ᠲᠡᠭᠦᠨ ᠦ ᠪᠡᠯᠴᠢᠭᠡᠷ ᠦᠨ ᠬᠣᠨᠢᠨ ᠰᠦᠷᠦᠭ᠃
4 ᠲᠡᠭᠦᠨ ᠦ ᠬᠠᠭᠠᠯᠭ᠎ᠠ ᠪᠠᠷ ᠲᠠᠯᠠᠷᠬᠠᠯ ᠲᠠᠢ ᠪᠠᠷ ᠲᠡᠭᠦᠨ ᠦ ᠬᠦᠷᠢᠶᠡᠨ ᠳᠦ ᠮᠠᠭᠲᠠᠭᠠᠯ ᠲᠠᠢ ᠪᠠᠷ ᠣᠷᠣ ᠲᠡᠭᠦᠨ ᠳᠦ ᠲᠠᠯᠠᠷᠬᠠᠯ ᠡᠷᠭᠦ᠂ ᠲᠡᠭᠦᠨ ᠦ ᠨᠡᠷ᠎ᠡ ᠶᠢ ᠮᠠᠭᠲᠠᠭᠲᠤᠨ᠃
5 ᠶᠣᠬᠣᠸᠠ ᠰᠠᠢᠨ᠂ ᠦᠨᠡᠨ ᠬᠠᠢᠷ᠎ᠠ ᠨᠢ ᠡᠭᠦᠷᠢᠳᠡ ᠶᠢᠨ ᠬᠢ ᠢᠲᠡᠭᠡᠮᠵᠢᠲᠦ ᠪᠠᠢᠳᠠᠯ ᠨᠢ ᠦᠶ᠎ᠡ ᠶᠢᠨ ᠦᠶ᠎ᠡ ᠳᠦ᠃