ᠳᠠᠭᠤᠯᠠᠯ ᠶᠡᠷᠡᠨ ᠳᠥᠷᠪᠡ
ᠰᠢᠳᠤᠷᠭᠤ ᠰᠢᠭᠦᠭᠴᠢ
1 ᠥᠰᠢᠶ᠎ᠡ ᠠᠪᠤᠭᠴᠢ ᠪᠤᠷᠬᠠᠨ᠂ ᠥᠰᠢᠶ᠎ᠡ ᠠᠪᠤᠭᠴᠢ ᠪᠤᠷᠬᠠᠨ ᠶᠣᠬᠣᠸᠠ ᠭᠡᠷᠡᠯᠲᠦᠭᠡᠴᠢ︕
2 ᠪᠣᠰᠣᠭᠠᠴᠢ᠂ ᠳᠡᠯᠡᠬᠡᠢ ᠶᠢ ᠰᠢᠭᠦᠭᠴᠢ ᠡ ᠪᠠᠷᠳᠠᠮᠨᠠᠭᠴᠢᠳ ᠲᠤ ᠬᠠᠷᠢᠭᠤ ᠶᠢ ᠨᠢ ᠥᠭᠭᠥᠭᠡᠴᠢ᠃
3 ᠪᠤᠷᠤᠭᠤᠲᠠᠳ ᠬᠡᠳᠦᠢ ᠪᠣᠯᠲᠠᠯ᠎ᠠ ᠪᠤᠷᠤᠭᠤᠲᠠᠳ ᠬᠡᠳᠦᠢ ᠪᠣᠯᠲᠠᠯ᠎ᠠ ᠪᠠᠶᠠᠰᠴᠤ ᠪᠠᠢᠬᠤ ᠶᠣᠰᠣᠲᠠᠢ ᠪᠤᠢ︖ ᠶᠣᠬᠣᠸᠠ
4 ᠲᠡᠳᠡ ᠠᠭᠰᠤᠮᠨᠠᠨ ᠣᠩᠭᠢᠷᠠᠭ᠎ᠠ ᠦᠭᠡ ᠤᠷᠤᠰᠬᠠᠵᠤ ᠪᠠᠢᠨ᠎ᠠ ᠪᠤᠵᠠᠷ ᠢ ᠦᠢᠯᠡᠳᠦᠭᠴᠢᠳ ᠪᠦᠭᠦᠳᠡ ᠮᠠᠵᠤᠤᠯᠠᠵᠤ ᠪᠠᠢᠨ᠎ᠠ᠃
5 ᠶᠣᠬᠣᠸᠠ᠂ ᠲᠡᠳᠡ ᠲᠠᠨ ᠤ ᠠᠷᠠᠳ ᠲᠦᠮᠡᠨ ᠢ ᠲᠠᠯᠬᠢᠯᠠᠨ ᠲᠠᠨ ᠤ ᠥᠮᠴᠢ ᠶᠢ ᠳᠠᠷᠤᠯᠠᠵᠤ ᠪᠠᠢᠨ᠎ᠠ᠃
6 ᠲᠡᠳᠡ ᠪᠡᠯᠪᠡᠰᠦᠨ ᠡᠮᠡᠭᠲᠡᠢ ᠬᠢᠭᠡᠳ ᠴᠠᠭᠠᠴᠢᠨ ᠢ ᠠᠯᠠᠵᠤ ᠥᠨᠥᠴᠢᠨ ᠢ ᠬᠣᠷᠣᠭᠠᠨ
7 《ᠶᠣᠬᠣᠸᠠ ᠬᠠᠷᠠᠬᠤ ᠦᠭᠡᠢ ᠶᠠᠺᠣᠪ ᠤᠨ ᠪᠤᠷᠬᠠᠨ ᠠᠩ᠋ᠬᠠᠷᠬᠤ ᠦᠭᠡᠢ》 ᠭᠡᠳᠡᠭ᠂
8 ᠠᠷᠠᠳ ᠲᠦᠮᠡᠨ ᠦ ᠳᠤᠮᠳᠠᠬᠢ ᠮᠡᠳᠡᠷᠡᠮᠵᠢ ᠦᠭᠡᠢ ᠬᠥᠮᠦᠰ ᠡ᠂ ᠤᠬᠠᠭᠠᠷᠠᠵᠠᠭᠠ᠂ ᠮᠤᠩ᠋ᠬᠠᠭ ᠤᠳ ᠡ᠂ ᠲᠠ ᠨᠠᠷ ᠬᠡᠵᠢᠶ᠎ᠡ ᠮᠡᠷᠭᠡᠨ ᠪᠣᠯᠬᠤ ᠶᠤᠮ ᠪᠤᠢ︖
9 ᠴᠢᠬᠢ ᠶᠢ ᠪᠠᠢᠷᠢᠰᠢᠭᠤᠯᠤᠭᠴᠢ ᠰᠣᠨᠣᠰᠬᠤ ᠦᠭᠡᠢ ᠭᠡᠵᠢ ᠤᠤ︖ ᠨᠢᠳᠦ ᠶᠢ ᠪᠦᠲᠦᠭᠡᠭᠴᠢ ᠬᠠᠷᠠᠬᠤ ᠦᠭᠡᠢ ᠭᠡᠵᠢ ᠤᠤ︖
10 ᠦᠨᠳᠦᠰᠦᠲᠡᠨ ᠨᠦᠭᠦᠳ ᠢ ᠭᠡᠰᠬᠡᠭᠴᠢ ᠵᠢᠮᠡᠯᠡᠬᠦ ᠦᠭᠡᠢ ᠭᠡᠵᠢ ᠤᠤ︖ ᠮᠡᠳᠡᠯᠭᠡ ᠶᠢ ᠬᠥᠮᠦᠨ ᠳᠦ ᠰᠤᠷᠭᠠᠭᠴᠢ ᠨᠢ ᠲᠡᠷᠡ ᠶᠤᠮ᠃
11 ᠬᠥᠮᠦᠨ ᠦ ᠪᠣᠳᠣᠯ ᠢ ᠮᠡᠳᠡᠳᠡᠭ ᠶᠣᠬᠣᠸᠠ ᠲᠡᠳᠡᠭᠡᠷ ᠨᠢ ᠬᠣᠭᠣᠰᠣᠨ ᠭᠡᠳᠡᠭ ᠢ ᠮᠡᠳᠡᠨ᠎ᠡ᠃
12 ᠶᠣᠬᠣᠸᠠ ᠲᠠᠨ ᠢᠶᠠᠷ ᠭᠡᠰᠬᠡᠭᠳᠡᠭᠰᠡᠨ ᠲᠠᠨ ᠤ ᠬᠠᠤᠯᠢ ᠪᠠᠷ ᠰᠤᠷᠭᠠᠭᠳᠠᠭᠰᠠᠨ ᠬᠥᠮᠦᠨ ᠪᠤᠶᠠᠨ ᠲᠠᠢ︕
13 ᠲᠠ ᠪᠡᠷᠬᠡ ᠡᠳᠦᠷ ᠤᠳ ᠠᠴᠠ ᠲᠡᠭᠦᠨ ᠢ ᠬᠠᠮᠠᠭᠠᠯᠠᠵᠤ ᠪᠤᠷᠤᠭᠤᠲᠠᠳ ᠤᠨ ᠨᠦᠬᠡ ᠤᠬᠤᠭᠳᠠᠬᠤ ᠬᠦᠷᠲᠡᠯ᠎ᠡ ᠲᠡᠭᠦᠨ ᠢ ᠠᠮᠠᠷᠠᠭᠠᠨ᠎ᠠ᠃
14 ᠶᠣᠬᠣᠸᠠ ᠥᠪᠡᠷ ᠦᠨ ᠢᠶᠠᠨ ᠠᠷᠠᠳ ᠲᠦᠮᠡᠨ ᠢ ᠬᠠᠶᠠᠬᠤ ᠦᠭᠡᠢ ᠥᠪᠡᠷ ᠦᠨ ᠢᠶᠠᠨ ᠥᠮᠴᠢ ᠶᠢ ᠣᠷᠬᠢᠬᠤ ᠦᠭᠡᠢ︕
15 ᠰᠢᠭᠦᠯᠲᠡ ᠳᠠᠬᠢᠨ ᠰᠢᠳᠤᠷᠭᠤ ᠪᠣᠯᠵᠤ ᠴᠢᠭ᠍ᠴᠢ ᠰᠡᠳᠬᠢᠯᠲᠡᠨ ᠪᠦᠭᠦᠳᠡ ᠲᠡᠭᠦᠨ ᠢ ᠳᠠᠭᠠᠬᠤ ᠪᠣᠯᠣᠨ᠎ᠠ︕
16 ᠬᠡᠨ ᠮᠢᠨᠦ ᠡᠮᠦᠨ᠎ᠡ ᠡᠴᠡ ᠪᠤᠷᠤᠭᠤᠲᠠᠳ ᠤᠨ ᠡᠰᠡᠷᠭᠦ ᠪᠣᠰᠬᠤ ᠪᠤᠢ︖ ᠬᠡᠨ ᠮᠢᠨᠦ ᠡᠮᠦᠨ᠎ᠡ ᠡᠴᠡ ᠪᠤᠵᠠᠷ ᠢ ᠦᠢᠯᠡᠳᠦᠭᠴᠢᠳ ᠤᠨ ᠡᠰᠡᠷᠭᠦ ᠵᠣᠭᠰᠣᠬᠤ ᠪᠤᠢ︖
17 ᠬᠡᠷᠪᠡ ᠶᠣᠬᠣᠸᠠ ᠨᠠᠳᠠ ᠳᠤ ᠲᠤᠰᠠᠯᠠᠭ᠎ᠠ ᠦᠭᠡᠢ ᠪᠣᠯ ᠰᠦᠨᠡᠰᠦ ᠮᠢᠨᠢ ᠬᠡᠳᠦᠢᠨᠡᠢ ᠠᠨᠢᠷ ᠦᠭᠡᠢ ᠶᠢᠨ ᠳᠤᠮᠳᠠ ᠣᠷᠣᠰᠢᠬᠤ ᠪᠠᠢᠭᠰᠠᠨ᠃
18 ᠪᠢ 《ᠬᠥᠯ ᠮᠢᠨᠢ ᠬᠠᠯᠲᠤᠷᠢᠬᠤ ᠨᠢ》 ᠭᠡᠪᠡᠯ ᠶᠣᠬᠣᠸᠠ ᠲᠠᠨ ᠤ ᠦᠨᠡᠨ ᠬᠠᠢᠷ᠎ᠠ ᠨᠠᠮᠠᠶᠢ ᠲᠦᠰᠢᠳᠡᠭ᠃
19 ᠰᠡᠳᠬᠢᠯ ᠤᠨ ᠮᠢᠨᠢ ᠵᠣᠪᠠᠭᠤᠷᠢ ᠶᠡᠬᠡᠰᠪᠡᠯ ᠲᠠᠨ ᠤ ᠲᠠᠢᠪᠤᠰᠢᠷᠠᠯ ᠨᠠᠮᠠᠶᠢ ᠪᠠᠶᠠᠷᠯᠠᠭᠤᠯᠳᠠᠭ᠃
20 ᠲᠣᠭᠲᠠᠭᠠᠯ ᠢᠶᠠᠷ ᠢᠶᠠᠨ ᠮᠠᠭᠤ ᠶᠢ ᠰᠡᠳᠦᠳᠡᠭ ᠵᠠᠪᠬᠠᠢᠷᠠᠭᠰᠠᠨ ᠰᠠᠭᠤᠳᠠᠯ ᠲᠠᠨ ᠲᠠᠢ ᠨᠡᠢᠯᠡᠨ᠎ᠡ ᠭᠡᠵᠢ ᠤᠤ︖
21 ᠲᠡᠳᠡ ᠪᠦᠯᠦᠭᠯᠡᠨ ᠵᠥᠪᠲᠡᠨ ᠦ ᠠᠮᠢ ᠶᠢ ᠬᠠᠢᠵᠤ᠂ ᠭᠡᠮ ᠦᠭᠡᠢ ᠬᠥᠮᠦᠨ ᠳᠦ ᠦᠬᠦᠯ ᠦᠨ ᠶᠠᠯ᠎ᠠ ᠤᠨᠤᠭᠠᠬᠤ ᠭᠡᠨ᠎ᠡ᠃
22 ᠬᠠᠷᠢᠨ ᠶᠣᠬᠣᠸᠠ ᠪᠣᠯ ᠮᠢᠨᠦ ᠴᠠᠢᠵᠠ ᠮᠢᠨᠦ ᠪᠤᠷᠬᠠᠨ ᠪᠣᠯ ᠮᠢᠨᠦ ᠬᠣᠷᠭᠣᠳᠠᠬᠤ ᠬᠠᠳᠠ ᠶᠤᠮ᠃
23 ᠲᠡᠷᠡ ᠲᠡᠳᠡᠨ ᠦ ᠭᠡᠮ ᠨᠢᠭᠦᠯ ᠢ ᠥᠪᠡᠷᠰᠡᠳ ᠳᠡᠭᠡᠷ᠎ᠡ ᠨᠢ ᠡᠷᠭᠢᠭᠦᠯᠵᠦ ᠬᠣᠷᠣᠨ ᠮᠠᠭᠤ ᠪᠠᠷ ᠨᠢ ᠲᠡᠳᠡᠨ ᠢ ᠤᠰᠠᠳᠬᠠᠨ᠎ᠠ ᠪᠢᠳᠡᠨ ᠦ ᠪᠤᠷᠬᠠᠨ ᠶᠣᠬᠣᠸᠠ ᠲᠡᠳᠡᠨ ᠢ ᠤᠰᠠᠳᠬᠠᠨ᠎ᠠ᠃