1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠳᠥᠴᠢ ᠶᠢᠰᠦ
 ᠢᠲᠡᠭᠡᠭᠴᠢᠳ ᠡ᠂ ᠮᠠᠭᠲᠠᠭᠲᠤᠨ
1 ᠶᠣᠬᠣᠸᠠ ᠶᠢ ᠮᠠᠭᠲᠠᠭᠲᠤᠨ︕ ᠶᠣᠬᠣᠸᠠ ᠳᠤ ᠰᠢᠨ᠎ᠡ ᠳᠠᠭᠤᠤ ᠶᠢ ᠡᠷᠭᠦᠨ ᠢᠲᠡᠭᠡᠭᠴᠢᠳ ᠤᠨ ᠴᠢᠭᠤᠯᠭᠠᠨ ᠳᠤ ᠲᠡᠭᠦᠨ ᠦ ᠮᠠᠭᠲᠠᠭᠠᠯ ᠢ ᠳᠠᠭᠤᠯᠠᠭᠲᠤᠨ
2 ᠢᠰᠷᠧᠯ ᠥᠪᠡᠷ ᠦᠨ ᠢᠶᠠᠨ ᠪᠦᠲᠦᠭᠡᠭᠴᠢ ᠳᠤ ᠪᠠᠶᠠᠷᠯᠠᠭᠲᠤᠨ ᠽᠢᠶᠣᠨ ᠤ ᠠᠷᠠᠳ ᠲᠦᠮᠡᠨ ᠬᠠᠭᠠᠨ ᠤ ᠪᠠᠨ ᠤᠯᠠᠮ ᠢᠶᠠᠷ ᠪᠠᠶᠠᠰᠤᠭᠲᠤᠨ᠂
3 ᠪᠥᠵᠢᠭ ᠪᠥᠵᠢᠭᠯᠡᠨ ᠨᠡᠷ᠎ᠡ ᠶᠢ ᠨᠢ ᠮᠠᠭᠲᠠᠵᠤ ᠬᠡᠩᠭᠡᠷᠭᠡ ᠪᠣᠯᠣᠨ ᠶᠠᠲᠤᠭ᠎ᠠ ᠪᠠᠷ ᠲᠡᠭᠦᠨ ᠢ ᠳᠡᠭᠡᠳᠦᠯᠡᠬᠦ ᠪᠣᠯᠲᠤᠭᠠᠢ᠂
4 ᠶᠣᠬᠣᠸᠠ ᠠᠷᠠᠳ ᠲᠦᠮᠡᠨ ᠢᠶᠡᠨ ᠲᠠᠭᠠᠯᠠᠵᠤ ᠪᠠᠢᠨ᠎ᠠ ᠶᠣᠬᠣᠸᠠ ᠳᠠᠷᠤᠤ ᠶᠢ ᠨᠢ ᠠᠪᠤᠷᠠᠯ ᠢᠶᠠᠷ ᠭᠣᠶᠣᠯᠠᠨ᠎ᠠ᠃

5 ᠢᠲᠡᠭᠡᠭᠴᠢᠳ ᠵᠢᠪᠬᠤᠯᠠᠩ ᠳᠣᠲᠣᠷ᠎ᠠ ᠪᠠᠶᠠᠰᠴᠤ ᠣᠷᠣ ᠳᠡᠭᠡᠷ᠎ᠡ ᠪᠡᠨ ᠪᠠᠶᠠᠷ ᠲᠠᠢ ᠪᠠᠷ ᠳᠠᠭᠤᠯᠠᠨ᠎ᠠ᠂
6 ᠠᠮᠠᠨ ᠳᠠᠭᠠᠨ ᠪᠤᠷᠬᠠᠨ ᠤ ᠮᠠᠭᠲᠠᠭᠠᠯ ᠲᠠᠢ ᠠᠯᠠᠭᠠᠨ ᠳᠠᠭᠠᠨ ᠬᠣᠣᠰ ᠢᠷᠳᠦ ᠢᠯᠳᠦ ᠲᠠᠢ ᠪᠠᠷ
7 ᠦᠨᠳᠦᠰᠦᠲᠡᠨ ᠨᠦᠭᠦᠳ ᠡᠴᠡ ᠥᠰᠢᠶ᠎ᠡ ᠠᠪᠴᠤ ᠶᠠᠰᠤᠲᠠᠨ ᠨᠤᠭᠤᠳ ᠲᠤ ᠰᠢᠳᠬᠡᠯ ᠢ ᠭᠦᠢᠴᠡᠭᠡᠵᠦ
8 ᠬᠠᠭᠠᠳ ᠢ ᠨᠢ ᠭᠢᠨᠵᠢ ᠪᠠᠷ ᠨᠣᠶᠠᠳ ᠢ ᠨᠢ ᠲᠡᠮᠦᠷ ᠳᠥᠩᠭᠡ ᠪᠡᠷ ᠬᠦᠯᠢᠵᠦ
9 ᠪᠢᠴᠢᠭᠳᠡᠭᠰᠡᠨ ᠶᠠᠯ᠎ᠠ ᠶᠢ ᠲᠡᠳᠡᠨ ᠳᠦ ᠭᠦᠢᠴᠡᠭᠡᠬᠦ ᠪᠣᠯᠲᠤᠭᠠᠢ᠂ ᠪᠦᠬᠦ ᠢᠲᠡᠭᠡᠭᠴᠢ ᠶᠢᠨ ᠵᠢᠪᠬᠤᠭ᠎ᠠ ᠨᠢ ᠡᠨᠡ ᠶᠤᠮ᠂ ᠶᠣᠬᠣᠸᠠ ᠶᠢ ᠮᠠᠭᠲᠠᠭᠲᠤᠨ︕