1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠳᠥᠴᠢᠨ ᠲᠠᠪᠤ
 ᠬᠠᠭᠠᠨ ᠤ ᠬᠤᠷᠢᠮ ᠳᠤ ᠵᠣᠷᠢᠭᠤᠯᠪᠠ
 ᠺᠣᠷᠠ ᠶᠢᠨ ᠬᠣᠢᠴᠢᠰ ᠤᠨ ᠰᠤᠷᠭᠠᠯᠲᠤ ᠳᠠᠭᠤᠯᠠᠯ᠂ ᠬᠠᠢᠷ᠎ᠠ ᠶᠢᠨ ᠳᠠᠭᠤᠤ᠃ ᠨᠠᠢᠷᠠᠯ ᠳᠠᠭᠤᠤ ᠶᠢᠨ ᠤᠳᠤᠷᠢᠳᠤᠭᠠᠴᠢ ᠳᠤ᠂ 《ᠰᠠᠷᠠᠨ᠎ᠠ ᠴᠡᠴᠡᠭ》 ᠤᠨ ᠠᠶ᠎ᠠ ᠳᠡᠭᠡᠷ᠎ᠡ᠃

1 ᠵᠢᠷᠦᠬᠡᠨ ᠳᠦ ᠮᠢᠨᠢ ᠲᠠᠭᠠᠯᠠᠮᠵᠢᠲᠤ ᠦᠭᠡ ᠪᠢᠯᠬᠠᠮ᠎ᠠ ᠪᠠᠢᠨ᠎ᠠ ᠪᠠᠳᠠᠭ ᠰᠢᠯᠦᠭ ᠢᠶᠡᠨ ᠪᠢ ᠬᠠᠭᠠᠨ ᠳᠤ ᠵᠣᠷᠢᠭᠤᠯᠤᠶ᠎ᠠ᠂ ᠬᠡᠯᠡ ᠮᠢᠨᠢ ᠴᠢᠳᠠᠪᠤᠷᠢᠯᠢᠭ᠋ ᠪᠢᠴᠢᠭᠡᠴᠢ ᠶᠢᠨ ᠪᠢᠷ ᠶᠤᠮ᠃
2 ᠲᠠ ᠬᠥᠮᠦᠨ ᠦ ᠬᠥᠪᠡᠭᠦᠳ ᠡᠴᠡ ᠭᠣᠢᠳᠠ ᠰᠠᠢᠬᠠᠨ ᠲᠠᠨ ᠤ ᠣᠷᠣᠭᠤᠯ ᠢᠪᠡᠭᠡᠯ ᠢ ᠤᠷᠤᠰᠬᠠᠳᠠᠭ ᠲᠡᠢᠨ ᠬᠦ ᠪᠤᠷᠬᠠᠨ ᠲᠠᠨ ᠢ ᠮᠥᠩᠬᠡᠳᠡ ᠢᠷᠥᠭᠡᠵᠡᠢ᠃

3 ᠬᠦᠴᠦᠲᠦ ᠪᠠᠭᠠᠲᠤᠷ ᠲᠠ ᠢᠯᠳᠦ ᠪᠡᠨ ᠲᠠᠰᠢᠶᠠᠨ ᠳᠠᠭᠠᠨ ᠵᠡᠭᠦᠵᠦ ᠢᠷᠠᠭᠤ ᠠᠯᠳᠠᠷ ᠢᠶᠠᠨ ᠪᠦᠰᠡᠯᠡ᠂
4 ᠦᠨᠡᠨ᠂ ᠳᠥᠯᠭᠡᠨ᠂ ᠵᠥᠪᠲᠦ ᠦᠢᠯᠡ ᠶᠢᠨ ᠢᠶᠠᠨ ᠲᠥᠯᠥᠭᠡ ᠢᠷᠠᠭᠤ ᠠᠯᠳᠠᠷ ᠲᠠᠢ ᠪᠠᠷ ᠮᠣᠷᠳᠠᠨ ᠢᠯᠠᠯᠲᠠ ᠶᠢ ᠠᠪᠴᠢᠷᠠᠭᠠᠴᠢ ᠲᠠᠨ ᠤ ᠪᠠᠷᠠᠭᠤᠨ ᠮᠤᠲᠤᠷ ᠰᠦᠷᠳᠡᠮ᠎ᠡ ᠦᠢᠯᠡᠰ ᠢ ᠦᠢᠯᠡᠳᠦᠨ᠎ᠡ᠂
5 ᠲᠠᠨ ᠤ ᠰᠤᠮᠤ ᠨᠤᠭᠤᠳ ᠬᠤᠷᠴᠠ ᠬᠠᠭᠠᠨ ᠤ ᠳᠠᠢᠰᠤᠨ ᠨᠤᠭᠤᠳ ᠤᠨ ᠵᠢᠷᠦᠬᠡ ᠶᠢ ᠰᠦᠯᠪᠡᠨ᠎ᠡ ᠲᠠᠨ ᠤ ᠡᠮᠦᠨ᠎ᠡ ᠶᠠᠰᠤᠲᠠᠨ ᠨᠤᠭᠤᠳ ᠤᠨᠠᠬᠤ ᠪᠣᠯᠣᠨ᠎ᠠ᠃

6 ᠪᠤᠷᠬᠠᠨ᠂ ᠲᠠᠨ ᠤ ᠰᠡᠨᠲᠢ ᠡᠭᠦᠷᠢᠳᠡ ᠮᠥᠩᠬᠡ ᠶᠢᠨ ᠬᠢ᠂ ᠲᠠᠨ ᠤ ᠬᠠᠭᠠᠨᠴᠢᠯᠠᠯ ᠤᠨ ᠲᠠᠶᠠᠭ ᠪᠣᠯ ᠰᠢᠳᠤᠷᠭᠤ ᠶᠢᠨ ᠲᠠᠶᠠᠭ ᠶᠤᠮ᠃
7 ᠲᠠ ᠵᠥᠪ ᠢ ᠬᠠᠢᠷᠠᠯᠠᠵᠤ᠂ ᠪᠤᠷᠤᠭᠤ ᠶᠢ ᠵᠢᠭ᠍ᠰᠢᠳᠡᠭ᠂ ᠲᠡᠢᠮᠦ ᠡᠴᠡ ᠪᠤᠷᠬᠠᠨ᠂ ᠲᠠᠨ ᠤ ᠪᠤᠷᠬᠠᠨ ᠪᠠᠶᠠᠷ ᠤᠨ ᠲᠣᠰᠣ ᠪᠠᠷ ᠲᠠᠨ ᠢ ᠲᠣᠰᠣᠯᠠᠨ ᠲᠠᠨ ᠢ ᠬᠠᠨᠢᠲᠠᠳ ᠤᠨ ᠴᠢᠨᠢ ᠳᠡᠭᠡᠷ᠎ᠡ ᠡᠷᠭᠦᠮᠵᠢᠯᠡᠭᠰᠡᠨ᠃
8 ᠲᠠᠨ ᠤ ᠳᠡᠪᠡᠯ ᠪᠦᠭᠦᠳᠡ ᠭᠦᠭᠦᠯ᠂ ᠠᠭᠠᠷᠤ ᠪᠠ ᠱᠠᠩᠴᠠ ᠶᠢᠨ ᠠᠩᠬᠢᠯᠤᠭᠤᠨ ᠦᠨᠦᠷ ᠲᠡᠢ᠂ ᠵᠠᠭᠠᠨ ᠤ ᠶᠠᠰᠤᠨ ᠣᠷᠳᠣᠨ ᠠᠴᠠ ᠶᠠᠲᠤᠭ᠎ᠠ ᠶᠢᠨ ᠠᠶᠠᠯᠭᠤ ᠲᠠᠨ ᠢ ᠪᠠᠶᠠᠰᠬᠠᠳᠠᠭ᠃
9 ᠲᠠᠨ ᠤ ᠡᠷᠬᠢᠮ ᠬᠠᠲᠤᠭᠲᠠᠢ ᠨᠠᠷ ᠤᠨ ᠳᠤᠮᠳᠠ ᠬᠠᠭᠠᠳ ᠤᠨ ᠥᠬᠢᠳ ᠲᠠᠨ ᠤ ᠪᠠᠷᠠᠭᠤᠨ ᠭᠠᠷ ᠲᠠᠯ᠎ᠠ ᠳᠤ ᠣᠹᠢᠷ ᠤᠨ ᠠᠯᠲᠠ ᠵᠡᠭᠦᠭᠰᠡᠨ ᠬᠠᠲᠤᠨ ᠵᠣᠭᠰᠣᠭᠰᠠᠨ ᠪᠠᠢᠨ᠎ᠠ᠃

10 ᠰᠣᠨᠣᠰ᠂ ᠥᠬᠢᠨ ᠡ᠂ ᠠᠩ᠋ᠬᠠᠷ᠂ ᠴᠢᠬᠢ ᠲᠠᠯᠪᠢ ᠠᠷᠠᠳ ᠲᠦᠮᠡᠨ ᠬᠢᠭᠡᠳ ᠡᠴᠢᠭᠡ ᠶᠢᠨ ᠢᠶᠠᠨ ᠭᠡᠷ ᠢ ᠮᠠᠷᠲᠠ
11 ᠲᠡᠭᠡᠪᠡᠯ ᠬᠠᠭᠠᠨ ᠭᠤᠸ᠎ᠠ ᠦᠵᠡᠰᠬᠦᠯᠡᠩ ᠢ ᠴᠢᠨᠢ ᠬᠦᠰᠡᠮᠵᠢᠯᠡᠨ᠎ᠡ ᠲᠡᠷᠡ ᠴᠢᠨᠦ ᠡᠵᠡᠨ ᠪᠢᠯᠡ᠂ ᠴᠢ ᠲᠡᠭᠦᠨ ᠳᠦ ᠮᠥᠷᠭᠥ᠃
12 ᠲᠢᠷ ᠥᠬᠢᠨ ᠪᠡᠯᠡᠭ ᠲᠡᠢ ᠢᠷᠡᠨ᠎ᠡ ᠠᠷᠠᠳ ᠲᠦᠮᠡᠨ ᠦ ᠳᠤᠮᠳᠠᠬᠢ ᠪᠠᠶᠠᠴᠤᠳ ᠲᠠᠭᠠᠯᠠᠯ ᠢ ᠲᠠᠨᠢ ᠬᠠᠢᠨ᠎ᠠ᠃

13 ᠬᠠᠭᠠᠨ ᠤ ᠰᠢᠨ᠎ᠡ ᠪᠡᠷᠢ ᠴᠣᠭ ᠵᠢᠪᠬᠤᠯᠠᠩ ᠲᠠᠢ ᠪᠠᠷ ᠣᠷᠳᠣᠨ ᠳᠠᠭᠠᠨ ᠣᠷᠣᠨ᠎ᠠ᠂ ᠠᠯᠲᠠᠨ ᠬᠠᠳᠬᠤᠮᠠᠯ ᠲᠠᠢ ᠡᠮᠦᠰᠬᠡᠯ ᠲᠡᠢ ᠪᠠᠷ
14 ᠡᠮᠵᠢᠶᠡᠷᠢᠲᠦ ᠬᠤᠪᠴᠠᠰᠤ ᠲᠠᠢ ᠪᠠᠷ ᠬᠠᠭᠠᠨ ᠳᠤ ᠬᠦᠷᠭᠡᠭᠳᠡᠵᠦ ᠠᠷᠤ ᠠᠴᠠ ᠨᠢ ᠪᠠᠷ᠎ᠠ ᠪᠣᠯᠣᠭᠴᠢ ᠪᠦᠰᠡᠭᠦᠢᠴᠦᠳ ᠲᠠᠨ ᠳᠤ ᠠᠪᠠᠴᠢᠭᠳᠠᠵᠤ ᠪᠠᠢᠨ᠎ᠠ᠃
15 ᠲᠡᠳᠡ ᠪᠠᠶᠠᠷ ᠬᠥᠷ ᠲᠡᠢ ᠪᠠᠷ ᠬᠦᠷᠭᠡᠭᠳᠡᠵᠦ ᠬᠠᠭᠠᠨ ᠤ ᠣᠷᠳᠣᠨ ᠳᠤ ᠣᠷᠣᠨ᠎ᠠ᠃

16 ᠲᠠᠨ ᠤ ᠬᠥᠪᠡᠭᠦᠳ ᠡᠴᠢᠭᠡ ᠡᠪᠦᠭᠡᠳ ᠢ ᠴᠢᠨᠢ ᠣᠷᠣᠯᠠᠵᠤ ᠲᠠ ᠲᠡᠳᠡᠨ ᠢ ᠪᠦᠬᠦ ᠳᠡᠯᠡᠬᠡᠢ ᠶᠢᠨ ᠨᠣᠶᠠᠳ ᠪᠣᠯᠭᠠᠨ᠎ᠠ᠃
17 ᠲᠠᠨ ᠤ ᠨᠡᠷ᠎ᠡ ᠶᠢ ᠪᠢ ᠦᠶ᠎ᠡ ᠶᠢᠨ ᠦᠶ᠎ᠡ ᠳᠦ ᠰᠠᠨᠠᠭᠤᠯᠤᠨ᠎ᠠ᠂ ᠲᠡᠢᠮᠦ ᠡᠴᠡ ᠦᠨᠳᠦᠰᠦᠲᠡᠨ ᠨᠦᠭᠦᠳ ᠡᠭᠦᠷᠢᠳᠡ ᠮᠥᠩᠬᠡᠳᠡ ᠲᠠᠨ ᠢ ᠮᠠᠭᠲᠠᠬᠤ ᠪᠣᠯᠣᠨ᠎ᠠ᠃