ᠳᠠᠭᠤᠯᠠᠯ ᠶᠡᠷᠡᠨ ᠵᠢᠷᠭᠤᠭ᠎ᠠ
ᠪᠦᠬᠦ ᠳᠡᠯᠡᠬᠡᠢ ᠶᠢ ᠰᠢᠭᠦᠭᠴᠢ ᠬᠠᠭᠠᠨ
1 ᠶᠣᠬᠣᠸᠠ ᠳᠤ ᠰᠢᠨ᠎ᠡ ᠳᠠᠭᠤᠤ ᠡᠷᠭᠦᠭᠲᠦᠨ ᠪᠦᠬᠦ ᠳᠡᠯᠡᠬᠡᠢ ᠶᠣᠬᠣᠸᠠ ᠳᠤ ᠳᠠᠭᠤᠤ ᠡᠷᠭᠦᠭᠲᠦᠨ᠃
2 ᠶᠣᠬᠣᠸᠠ ᠳᠤ ᠳᠠᠭᠤᠤ ᠡᠷᠭᠦᠨ᠂ ᠲᠡᠭᠦᠨ ᠦ ᠨᠡᠷ᠎ᠡ ᠶᠢ ᠮᠠᠭᠲᠠᠭᠲᠤᠨ ᠲᠡᠭᠦᠨ ᠦ ᠠᠪᠤᠷᠠᠯ ᠢ ᠡᠳᠦᠷ ᠡᠳᠦᠷ ᠤᠯᠠᠮᠵᠢᠯᠠ᠃
3 ᠲᠡᠭᠦᠨ ᠦ ᠠᠯᠳᠠᠷ ᠢ ᠬᠠᠷᠢᠴᠤᠳ ᠤᠨ ᠳᠤᠮᠳᠠ ᠲᠡᠭᠦᠨ ᠦ ᠭᠠᠢᠬᠠᠮᠰᠢᠭᠲᠤ ᠦᠢᠯᠡᠰ ᠢ ᠪᠦᠬᠦ ᠦᠨᠳᠦᠰᠦᠲᠡᠨ ᠦ ᠳᠤᠮᠳᠠ ᠲᠤᠩ᠋ᠬᠠᠭᠯᠠ᠃
4 ᠶᠣᠬᠣᠸᠠ ᠠᠭᠤᠤ᠂ ᠶᠡᠬᠡᠳᠡ ᠮᠠᠭᠲᠠᠭᠳᠠᠭᠤᠰᠢᠲᠠᠢ ᠪᠦᠬᠦ ᠪᠤᠷᠬᠠᠳ ᠠᠴᠠ ᠳᠡᠭᠡᠭᠦᠷ᠂ ᠡᠮᠢᠶᠡᠭᠦᠰᠢᠲᠡᠢ᠃
5 ᠦᠨᠳᠦᠰᠦᠲᠡᠨ ᠨᠦᠭᠦᠳ ᠦᠨ ᠪᠤᠷᠬᠠᠳ ᠪᠦᠭᠦᠳᠡ ᠰᠢᠲᠦᠭᠡᠨ ᠶᠤᠮ᠂ ᠶᠣᠬᠣᠸᠠ ᠯᠠ ᠲᠩᠷᠢ ᠶᠢ ᠪᠦᠲᠦᠭᠡᠭᠰᠡᠨ᠃
6 ᠰᠦᠷ ᠪᠠ ᠵᠢᠪᠬᠤᠯᠠᠩ ᠲᠡᠭᠦᠨ ᠦ ᠡᠮᠦᠨ᠎ᠡ᠂ ᠬᠦᠴᠦ ᠪᠠ ᠦᠵᠡᠰᠬᠦᠯᠡᠩ ᠲᠡᠭᠦᠨ ᠦ ᠠᠷᠢᠭᠤᠨ ᠭᠠᠵᠠᠷ ᠲᠤ ᠪᠠᠢᠳᠠᠭ᠂
7 ᠤᠯᠤᠰ ᠦᠨᠳᠦᠰᠦᠲᠡᠨ ᠨᠦᠭᠦᠳ ᠡ᠂ ᠶᠣᠬᠣᠸᠠ ᠳᠤ ᠡᠷᠭᠦᠭᠲᠦᠨ ᠶᠣᠬᠣᠸᠠ ᠳᠤ ᠠᠯᠳᠠᠷ ᠪᠠ ᠬᠦᠴᠦ ᠶᠢ ᠡᠷᠭᠦᠭᠲᠦᠨ᠃
8 ᠶᠣᠬᠣᠸᠠ ᠶᠢᠨ ᠨᠡᠷ᠎ᠡ ᠳᠦ ᠵᠣᠬᠢᠰᠲᠠᠢ ᠠᠯᠳᠠᠷ ᠢ ᠡᠷᠭᠦᠭᠲᠦᠨ ᠡᠷᠭᠦᠯ ᠠᠪᠴᠢᠷᠠᠵᠤ᠂ ᠲᠡᠭᠦᠨ ᠦ ᠬᠦᠷᠢᠶᠡᠨ ᠳᠦ ᠣᠷᠣᠵᠤ
9 ᠠᠷᠢᠭᠤᠨ ᠪᠥᠭᠡᠳ ᠵᠢᠪᠬᠤᠯᠠᠩᠲᠤ ᠶᠣᠬᠣᠸᠠ ᠳᠤ ᠮᠥᠷᠭᠥᠭᠲᠦᠨ ᠪᠦᠬᠦ ᠳᠡᠯᠡᠬᠡᠢ ᠲᠡᠭᠦᠨ ᠦ ᠡᠮᠦᠨ᠎ᠡ ᠴᠡᠴᠡᠷᠡᠭᠲᠦᠨ᠃
10 ᠬᠠᠷᠢᠴᠤᠳ ᠤᠨ ᠳᠤᠮᠳᠠ 《ᠶᠣᠬᠣᠸᠠ ᠵᠠᠬᠢᠷᠳᠠᠭ》 ᠭᠡᠵᠦ ᠬᠡᠯᠡ ᠭᠠᠵᠠᠷ ᠭᠠᠩ᠋ᠬᠤᠰᠢ ᠦᠭᠡᠢ ᠲᠣᠭᠲᠠᠭᠤᠨ ᠪᠠᠢᠨ᠎ᠠ ᠲᠡᠷᠡ ᠪᠡᠷ ᠦᠨᠳᠦᠰᠦᠲᠡᠨ ᠨᠦᠭᠦᠳ ᠢ ᠴᠢᠭ᠍ᠴᠢ ᠰᠢᠳᠤᠷᠭᠤ ᠪᠠᠷ ᠰᠢᠭᠦᠨ᠎ᠡ᠃
11 ᠲᠩᠷᠢ ᠪᠠᠶᠠᠷᠯᠠᠵᠤ᠂ ᠭᠠᠵᠠᠷ ᠪᠠᠶᠠᠰᠤᠨ᠎ᠠ᠂ ᠳᠠᠯᠠᠢ ᠪᠣᠯᠣᠨ ᠲᠡᠭᠦᠨ ᠦ ᠳᠣᠲᠣᠷᠠᠬᠢ ᠪᠦᠬᠦᠨ ᠨᠦᠷᠬᠢᠯᠡᠵᠦ
12 ᠲᠠᠯ᠎ᠠ ᠪᠣᠯᠣᠨ ᠲᠡᠭᠦᠨ ᠦ ᠳᠡᠭᠡᠷᠡᠬᠢ ᠪᠦᠬᠦᠨ ᠪᠠᠬᠠᠳᠤᠵᠤ ᠣᠢ ᠶᠢᠨ ᠪᠦᠬᠦ ᠮᠣᠳᠣᠳ ᠶᠣᠬᠣᠸᠠ ᠶᠢᠨ ᠡᠮᠦᠨ᠎ᠡ ᠠᠶᠠᠯᠤᠭᠤᠯᠤᠨᠠ᠂
13 ᠤᠴᠢᠷ ᠨᠢ ᠲᠡᠷᠡ ᠢᠷᠡᠵᠦ ᠪᠠᠢᠨ᠎ᠠ᠂ ᠳᠡᠯᠡᠬᠡᠢ ᠶᠢ ᠰᠢᠭᠦᠬᠦ ᠪᠡᠷ ᠢᠷᠡᠵᠦ ᠪᠠᠢᠨ᠎ᠠ ᠲᠡᠷᠡ ᠶᠢᠷᠲᠢᠨᠴᠦ ᠶᠢ ᠵᠥᠪ ᠢᠶᠡᠷ ᠦᠨᠳᠦᠰᠦᠲᠡᠨ ᠨᠦᠭᠦᠳ ᠢ ᠦᠨᠡᠨ ᠢᠶᠡᠷ ᠰᠢᠭᠦᠬᠦ ᠪᠣᠯᠣᠨ᠎ᠠ᠃