1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠠᠷᠪᠠᠨ ᠭᠤᠷᠪᠠ
 ᠬᠠᠪᠴᠢᠯᠭ᠎ᠠ ᠳᠤᠮᠳᠠᠬᠢ ᠭᠤᠶᠤᠯᠲᠠ
 ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃

1 ᠬᠡᠳᠦᠢ ᠤᠳᠠᠬᠤ ᠪᠤᠢ︖ ᠶᠣᠬᠣᠸᠠ᠂ ᠲᠠ ᠨᠠᠮᠠᠶᠢ ᠡᠭᠦᠷᠢᠳᠡ ᠮᠠᠷᠲᠠᠬᠤ ᠨᠢ ᠤᠤ︖ ᠬᠡᠳᠦᠢ ᠪᠣᠯᠲᠠᠯ᠎ᠠ ᠲᠠ ᠨᠠᠳᠠ ᠠᠴᠠ ᠨᠢᠭᠤᠷ ᠢᠶᠠᠨ ᠨᠢᠭᠤᠬᠤ ᠶᠤᠮ ᠪᠤᠢ︖
2 ᠬᠡᠳᠦᠢ ᠪᠣᠯᠲᠠᠯ᠎ᠠ ᠪᠢ ᠰᠠᠨᠠᠯ ᠢᠶᠠᠨ ᠭᠠᠷᠭᠠᠭᠰᠠᠭᠠᠷ ᠡᠳᠦᠷᠵᠢᠨ ᠵᠢᠷᠦᠬᠡ ᠰᠢᠮᠰᠢᠷᠡᠭᠰᠡᠭᠡᠷ ᠪᠠᠢᠵᠤ ᠬᠡᠳᠦᠢ ᠪᠣᠯᠲᠠᠯ᠎ᠠ ᠳᠠᠢᠰᠤᠨ ᠨᠤᠭᠤᠳ ᠮᠢᠨᠦ ᠳᠡᠭᠡᠷ᠎ᠡ ᠡᠷᠭᠦᠮᠵᠢᠯᠡᠭᠳᠡᠭᠰᠡᠭᠡᠷ ᠪᠠᠢᠬᠤ ᠪᠤᠢ︖

3 ᠮᠢᠨᠦ ᠪᠤᠷᠬᠠᠨ ᠶᠣᠬᠣᠸᠠ᠂ ᠨᠠᠮᠠᠶᠢ ᠬᠠᠷᠠᠭᠠᠳ ᠬᠠᠷᠢᠭᠤ ᠥᠭᠭᠥᠭᠡᠴᠢ ᠨᠢᠳᠦᠨ ᠳᠦ ᠮᠢᠨᠢ ᠭᠡᠷᠡᠯ ᠲᠤᠰᠬᠠᠭᠠᠴᠢ᠂ ᠡᠰᠡ ᠲᠡᠭᠡᠪᠡᠯ ᠪᠢ ᠦᠬᠦᠯ ᠦᠨ ᠨᠣᠢᠷ ᠲᠤ ᠠᠪᠲᠠᠵᠤ
4 ᠥᠰᠲᠡᠨ ᠮᠢᠨᠢ 《ᠪᠢ ᠲᠡᠭᠦᠨ ᠢ ᠢᠯᠠᠯ᠎ᠠ》 ᠭᠡᠬᠦ ᠪᠣᠯᠣᠨ᠎ᠠ᠂ ᠪᠢ ᠭᠠᠩ᠋ᠬᠤᠬᠤ ᠦᠶ᠎ᠡ ᠳᠦ ᠳᠠᠢᠰᠤᠨ ᠨᠤᠭᠤᠳ ᠮᠢᠨᠢ ᠪᠠᠶᠠᠰᠬᠤ ᠪᠣᠯᠣᠨ᠎ᠠ᠃

5 ᠬᠠᠷᠢᠨ ᠪᠢ ᠲᠠᠨ ᠤ ᠦᠨᠡᠨ ᠬᠠᠢᠷ᠎ᠠ ᠳᠤ ᠢᠲᠡᠭᠡᠳᠡᠭ ᠵᠢᠷᠦᠬᠡ ᠮᠢᠨᠢ ᠲᠠᠨ ᠤ ᠠᠪᠤᠷᠠᠯ ᠳᠤ ᠪᠠᠶᠠᠰᠬᠤ ᠪᠣᠯᠣᠨ᠎ᠠ᠃
6 ᠶᠣᠬᠣᠸᠠ ᠨᠠᠳᠠ ᠳᠤ ᠥᠭᠭᠢᠶᠡᠮᠦᠷ ᠬᠠᠨᠳᠤᠳᠠᠭ ᠪᠢ ᠲᠡᠭᠦᠨ ᠳᠦ ᠳᠠᠭᠤᠤ ᠡᠷᠭᠦᠨ᠎ᠡ᠃