ᠳᠠᠭᠤᠯᠠᠯ ᠵᠠᠭᠤ ᠬᠣᠷᠢᠨ ᠲᠠᠪᠤ
ᠪᠤᠷᠬᠠᠨ ᠤ ᠬᠠᠮᠠᠭᠠᠯᠠᠯᠲᠠ
ᠥᠭᠰᠥᠬᠦ ᠳᠠᠭᠤᠤ᠃
1 ᠶᠣᠬᠣᠸᠠ ᠳᠤ ᠢᠲᠡᠭᠡᠭᠴᠢ ᠨᠢ ᠡᠭᠦᠷᠢᠳᠡ ᠭᠠᠩ᠋ᠬᠤᠰᠢ ᠦᠭᠡᠢ ᠲᠣᠭᠲᠠᠬᠤ ᠽᠢᠶᠣᠨ ᠠᠭᠤᠯᠠ ᠲᠠᠢ ᠠᠳᠠᠯᠢ ᠶᠤᠮ᠂
2 ᠠᠭᠤᠯᠠᠰ ᠶᠧᠷᠦ᠋ᠰᠠᠯᠧᠮ ᠢ ᠬᠦᠷᠢᠶᠡᠯᠡᠨ ᠪᠠᠢᠳᠠᠭ ᠰᠢᠭ᠋ ᠡᠳᠦᠭᠡ ᠡᠴᠡ ᠮᠥᠩᠬᠡᠳᠡ ᠬᠦᠷᠲᠡᠯ᠎ᠡ ᠶᠣᠬᠣᠸᠠ ᠠᠷᠠᠳ ᠲᠦᠮᠡᠨ ᠢᠶᠡᠨ ᠬᠦᠷᠢᠶᠡᠯᠡᠨ᠎ᠡ᠂
3 ᠲᠡᠢᠨ ᠬᠦ ᠪᠤᠷᠤᠭᠤᠲᠠᠨ ᠤ ᠲᠠᠶᠠᠭ ᠵᠥᠪᠲᠡᠨ ᠦ ᠥᠮᠴᠢ ᠳᠡᠭᠡᠷ᠎ᠡ ᠪᠠᠢᠵᠤ ᠪᠣᠯᠬᠤ ᠦᠭᠡᠢ᠂ ᠵᠥᠪᠲᠡᠨ ᠪᠤᠷᠤᠭᠤ ᠳᠤ ᠭᠠᠷ ᠢᠶᠠᠨ ᠬᠦᠷᠭᠡᠬᠦ ᠪᠣᠯᠣᠭᠤᠵᠠᠢ᠃
4 ᠶᠣᠬᠣᠸᠠ᠂ ᠰᠠᠢᠨ ᠪᠣᠯᠣᠨ ᠴᠢᠭ᠍ᠴᠢ ᠰᠠᠨᠠᠭᠠᠲᠠᠳ ᠲᠤ ᠰᠠᠢᠨ ᠢ ᠦᠢᠯᠡᠳᠦᠭᠡᠴᠢ᠂
5 ᠬᠠᠷᠢᠨ ᠶᠣᠬᠣᠸᠠ ᠮᠤᠷᠤᠢ ᠵᠠᠮ ᠤᠷᠤᠭᠤ ᠪᠠᠨ ᠬᠠᠵᠠᠢᠭᠴᠢᠳ ᠢ ᠮᠠᠭᠤ ᠶᠢ ᠦᠢᠯᠡᠳᠦᠭᠴᠢᠳ ᠲᠠᠢ ᠬᠠᠮᠲᠤ ᠵᠠᠢᠯᠠᠭᠤᠯᠤᠨ᠎ᠠ ᠢᠰᠷᠧᠯ ᠳᠡᠭᠡᠷ᠎ᠡ ᠠᠮᠤᠷ ᠠᠮᠤᠭᠤᠯᠠᠩ ᠣᠷᠣᠰᠢᠬᠤ ᠪᠣᠯᠲᠤᠭᠠᠢ᠃