1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠲᠠᠪᠢᠨ ᠨᠠᠢ᠌ᠮᠠ
 ᠪᠤᠷᠤᠭᠤᠲᠠᠨ ᠢ ᠰᠢᠳᠬᠡᠭᠡᠴᠢ
 ᠳ᠋ᠠᠸᠢᠳ᠋ ᠤᠨ ᠮᠢᠺᠲᠠᠮ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ 《ᠪᠦᠦ ᠤᠰᠠᠳᠬᠠᠭᠠᠴᠢ》 ᠶᠢᠨ ᠠᠶ᠎ᠠ ᠳᠡᠭᠡᠷ᠎ᠡ᠃

1 ᠵᠠᠬᠢᠷᠤᠭᠴᠢᠳ ᠡ᠂ ᠲᠠ ᠨᠠᠷ ᠦᠨᠡᠬᠡᠷ ᠵᠥᠪ ᠢ ᠶᠠᠷᠢᠳᠠᠭ ᠤᠤ︖ ᠬᠥᠮᠦᠨ ᠦ ᠬᠥᠪᠡᠭᠦᠳ ᠢ ᠰᠢᠳᠤᠷᠭᠤ ᠪᠠᠷ ᠰᠢᠭᠦᠳᠡᠭ ᠤᠤ︖
2 ᠦᠭᠡᠢ ᠡ᠂ ᠲᠠ ᠨᠠᠷ ᠵᠢᠷᠦᠬᠡᠨ ᠳᠡᠭᠡᠨ ᠵᠥᠪ ᠪᠤᠰᠤ ᠶᠢ ᠰᠡᠳᠦᠨ ᠭᠠᠷ ᠢᠶᠠᠷ ᠢᠶᠠᠨ ᠬᠦᠴᠦᠷᠬᠡᠭᠯᠡᠯ ᠢ ᠭᠠᠵᠠᠷ ᠳᠡᠭᠡᠷ᠎ᠡ ᠲᠦᠭᠡᠭᠡᠳᠡᠭ᠃
3 ᠪᠤᠷᠤᠭᠤᠲᠠᠳ ᠡᠬᠡ ᠶᠢᠨ ᠢᠶᠠᠨ ᠬᠡᠪᠡᠯᠢ ᠳᠤ ᠪᠠᠢᠬᠤ ᠠᠴᠠ ᠪᠠᠨ ᠪᠤᠷᠤᠭᠤᠳᠠᠵᠤ ᠲᠥᠷᠥᠮᠡᠭᠴᠡ ᠬᠤᠳᠠᠯ ᠶᠠᠷᠢᠨ ᠭᠠᠵᠢᠳᠠᠭ᠂
4 ᠬᠣᠣᠷ ᠨᠢ ᠮᠣᠭᠠᠢ ᠶᠢᠨ ᠬᠣᠣᠷ ᠲᠠᠢ ᠠᠳᠠᠯᠢ᠂ ᠴᠢᠬᠢ ᠪᠠᠨ ᠪᠥᠭᠯᠡᠬᠦ ᠨᠢ ᠳᠦᠯᠡᠢ ᠨᠠᠵᠤ ᠮᠣᠭᠠᠢ ᠶᠢᠨ
5 ᠲᠠᠷᠨᠢᠳᠠᠭᠴᠢ ᠪᠤᠶᠤ ᠴᠢᠳᠠᠪᠤᠷᠢᠯᠢᠭ᠋ ᠰᠤᠷᠭᠠᠭᠴᠢ ᠶᠢᠨ ᠢᠶᠠᠨ ᠳᠠᠭᠤ ᠶᠢ ᠰᠣᠨᠣᠰᠬᠤ ᠦᠭᠡᠢ ᠲᠡᠢ ᠠᠳᠠᠯᠢ᠃

6 ᠠᠮᠠᠨ ᠳᠠᠬᠢ ᠰᠢᠳᠦ ᠶᠢ ᠨᠢ ᠬᠤᠭᠤᠯᠤᠭᠠᠴᠢ᠂ ᠪᠤᠷᠬᠠᠨ᠂ ᠠᠷᠰᠯᠠᠨ ᠤ ᠠᠷᠠᠭ᠎ᠠ ᠶᠢ ᠰᠤᠭᠤᠯᠤᠭᠠᠴᠢ᠂ ᠶᠣᠬᠣᠸᠠ᠂
7 ᠲᠡᠳᠡ ᠤᠷᠤᠰᠴᠤ ᠪᠤᠢ ᠤᠰᠤ ᠰᠢᠭ᠋ ᠤᠰᠠᠳᠤᠭ ᠨᠤᠮᠤ ᠪᠠᠨ ᠬᠥᠪᠴᠢᠯᠡᠬᠦ ᠳᠦ ᠰᠤᠮᠤ ᠨᠢ ᠬᠤᠭᠤᠷᠠᠭ᠂
8 ᠲᠡᠳᠡ ᠬᠠᠢᠯᠵᠤ ᠪᠤᠢ ᠡᠮᠡᠭᠡᠨ ᠬᠢᠮᠤᠰᠤ ᠰᠢᠭ᠋ ᠨᠠᠷᠠ ᠬᠠᠷᠠᠯ ᠦᠭᠡᠢ ᠵᠤᠯᠪᠤᠭᠰᠠᠨ ᠬᠡᠦᠬᠡᠳ ᠠᠳᠠᠯᠢ ᠪᠣᠯᠣᠭ᠃
9 ᠥᠷᠭᠡᠰᠦᠲᠦ ᠤᠷᠭᠤᠮᠠᠯ ᠢ ᠲᠣᠭᠣᠭᠠᠨ ᠳᠣᠣᠷ᠎ᠠ ᠲᠠᠯᠪᠢᠬᠤ ᠠᠴᠠ ᠴᠤ ᠡᠮᠦᠨ᠎ᠡ ᠨᠣᠭᠣᠭᠠᠨ ᠨᠢ ᠴᠤ᠂ ᠬᠠᠭᠤᠷᠠᠢ ᠨᠢ ᠴᠤ ᠱᠦᠭᠦᠷᠳᠡᠭᠳᠡᠬᠦ ᠪᠣᠯᠲᠤᠭᠠᠢ᠃

10 ᠥᠰᠢᠶ᠎ᠡ ᠠᠪᠤᠯᠲᠠ ᠶᠢ ᠬᠠᠷᠠᠬᠤ ᠳᠠᠭᠠᠨ ᠵᠥᠪᠲᠡᠨ ᠪᠠᠶᠠᠷᠯᠠᠵᠤ ᠬᠥᠯ ᠢᠶᠡᠨ ᠪᠤᠷᠤᠭᠤᠲᠠᠨ ᠤ ᠴᠢᠰᠤᠨ ᠳᠤ ᠤᠬᠢᠶᠠᠨ᠎ᠠ᠃
11 ᠬᠥᠮᠦᠨ 《ᠵᠥᠪᠲᠡᠨ ᠳᠦ ᠦᠨᠡᠬᠡᠷ ᠱᠠᠩᠨᠠᠯ ᠪᠤᠢ᠂ ᠶᠢᠷᠲᠢᠨᠴᠦ ᠶᠢ ᠰᠢᠭᠦᠭᠴᠢ ᠪᠤᠷᠬᠠᠨ ᠦᠨᠡᠬᠡᠷ ᠪᠠᠢᠳᠠᠭ︕》 ᠭᠡᠬᠦ ᠪᠣᠯᠣᠨ᠎ᠠ᠃