1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠳᠥᠴᠢᠨ ᠬᠣᠶᠠᠷ
s ᠬᠣᠶᠠᠳᠤᠭᠠᠷ ᠨᠣᠮ
r (ᠳᠠᠭᠤᠯᠠᠯ 42—72)
 ᠪᠤᠷᠬᠠᠨ ᠥᠭᠡᠳᠡ ᠲᠡᠮᠡᠦᠯᠦᠭᠡᠷᠡᠢ
 ᠨᠠᠢᠷᠠᠯ ᠳᠠᠭᠤᠤ ᠶᠢᠨ ᠤᠳᠤᠷᠢᠳᠤᠭᠠᠴᠢ ᠳᠤ᠂ ᠺᠣᠷᠠ ᠶᠢᠨ ᠬᠣᠢᠴᠢᠰ ᠤᠨ ᠰᠤᠷᠭᠠᠯᠲᠤ ᠳᠠᠭᠤᠯᠠᠯ᠃

1 ᠪᠤᠭᠤ ᠭᠣᠷᠣᠬᠠᠨ ᠤ ᠤᠰᠤ ᠶᠢ ᠬᠦᠰᠡᠬᠦ ᠰᠢᠭ ᠰᠡᠳᠬᠢᠯ ᠮᠢᠨᠢ ᠪᠤᠷᠬᠠᠨ ᠲᠠᠨ ᠢ ᠬᠦᠰᠡᠨ᠎ᠡ᠃
2 ᠰᠡᠳᠬᠢᠯ ᠮᠢᠨᠢ ᠪᠤᠷᠬᠠᠨ ᠢᠶᠠᠷ᠂ ᠠᠮᠢᠳᠤ ᠪᠤᠷᠬᠠᠨ ᠢᠶᠠᠷ ᠴᠠᠩ᠋ᠭᠠᠳᠠᠭ ᠪᠢ ᠬᠡᠵᠢᠶ᠎ᠡ ᠶᠠᠪᠤᠵᠤ᠂ ᠪᠤᠷᠬᠠᠨ ᠳᠤ ᠪᠠᠷᠠᠭᠠᠯᠬᠠᠬᠤ ᠪᠤᠢ︖
3 ᠬᠥᠮᠦᠰ ᠡᠳᠦᠷᠵᠢᠨ ᠨᠠᠳᠠ ᠳᠤ 《ᠴᠢᠨᠦ ᠪᠤᠷᠬᠠᠨ ᠬᠠᠮᠢᠭ᠎ᠠ ᠪᠠᠢᠨ᠎ᠠ︖》 ᠭᠡᠯᠴᠡᠬᠦ ᠳᠦ᠂ ᠤᠷᠤᠰᠬᠤ ᠨᠢᠯᠪᠤᠰᠤ ᠮᠢᠨᠢ ᠡᠳᠦᠷ ᠰᠥᠨᠢ ᠦᠭᠡᠢ ᠮᠢᠨᠦ ᠬᠣᠭᠣᠯᠠ ᠪᠣᠯᠣᠯ᠎ᠠ᠃
4 ᠪᠢ ᠡᠳᠡᠭᠡᠷ ᠢ ᠰᠠᠨᠠᠵᠤ ᠰᠡᠳᠬᠢᠯ ᠮᠢᠨᠢ ᠪᠤᠬᠢᠨᠢᠳᠤᠵᠤ ᠪᠠᠢᠨ᠎ᠠ ᠪᠠᠶᠠᠷ ᠲᠡᠮᠳᠡᠭᠯᠡᠵᠦ ᠪᠤᠢ ᠦᠢ ᠣᠯᠠᠨ ᠤ ᠪᠠᠶᠠᠰᠤᠨ ᠬᠠᠰᠬᠢᠷᠬᠤ ᠮᠠᠭᠲᠠᠭᠠᠯ ᠳᠤᠮᠳᠠ ᠪᠢ ᠪᠤᠷᠬᠠᠨ ᠤ ᠥᠷᠭᠥᠭᠡ ᠥᠭᠡᠳᠡ ᠠᠭᠠᠵᠢᠮᠬᠠᠨ ᠣᠴᠢᠵᠤ ᠪᠠᠢᠭᠰᠠᠨ ᠰᠠᠨ᠃

5 ᠰᠡᠳᠬᠢᠯ ᠮᠢᠨᠢ ᠡ᠂ ᠴᠢ ᠶᠠᠭᠤᠨ ᠳᠤ ᠴᠥᠬᠥᠷᠡᠨ᠎ᠡ ᠪᠤᠢ︖ ᠶᠠᠭᠠᠬᠢᠭᠠᠳ ᠴᠢ ᠮᠢᠨᠦ ᠳᠣᠲᠣᠷ᠎ᠠ ᠤᠢᠮᠤᠷᠠᠨ᠎ᠠ ᠪᠤᠢ︖ ᠪᠤᠷᠬᠠᠨ ᠳᠤ ᠨᠠᠢᠳᠠ ᠮᠢᠨᠦ ᠠᠪᠤᠷᠠᠯ ᠪᠣᠯ ᠲᠡᠷᠡ ᠪᠢ ᠲᠡᠭᠦᠨ ᠢ ᠳᠠᠬᠢᠨᠲᠠ ᠮᠠᠭᠲᠠᠨ᠎ᠠ᠂
6 ᠪᠤᠷᠬᠠᠨ ᠮᠢᠨᠢ ᠡ᠂ ᠰᠡᠳᠬᠢᠯ ᠮᠢᠨᠢ ᠮᠢᠨᠦ ᠳᠣᠲᠣᠷ᠎ᠠ ᠴᠥᠬᠥᠷᠡᠵᠡᠢ ᠲᠡᠢᠮᠦ ᠡᠴᠡ ᠪᠢ ᠲᠠᠨ ᠢ ᠶᠣᠷᠳᠠᠨ ᠨᠤᠲᠤᠭ᠂ ᠾᠧᠷᠮᠣᠨ ᠥᠨᠳᠥᠷᠯᠢᠭ᠂ ᠮᠢᠽᠠᠷ ᠠᠭᠤᠯᠠᠨ ᠠᠴᠠ ᠰᠠᠨᠠᠵᠤ ᠪᠠᠢᠨ᠎ᠠ᠃

7 ᠲᠠᠨ ᠤ ᠬᠦᠷᠬᠢᠷ᠎ᠡ ᠬᠦᠷᠴᠢᠭᠢᠨᠡᠵᠦ ᠭᠦᠨ ᠨᠢ ᠭᠦᠨ ᠢ ᠳᠠᠭᠤᠳᠠᠵᠤ ᠪᠠᠢᠨ᠎ᠠ ᠲᠠᠨ ᠤ ᠳᠠᠪᠠᠯᠭᠠᠨ᠂ ᠲᠠᠨ ᠤ ᠳᠣᠯᠭᠢᠶᠠᠨ ᠮᠢᠨᠦ ᠳᠡᠭᠡᠭᠦᠷ ᠥᠩᠭᠡᠷᠡᠵᠡᠢ᠂
8 ᠶᠣᠬᠣᠸᠠ ᠡᠳᠦᠷ ᠢᠶᠡᠷ ᠦᠨᠡᠨ ᠬᠠᠢᠷ᠎ᠠ ᠪᠠᠨ ᠢᠯᠡᠭᠡᠭ ᠰᠥᠨᠢ ᠪᠠᠷ ᠲᠡᠭᠦᠨ ᠦ ᠳᠠᠭᠤᠤ ᠨᠠᠳᠠ ᠲᠠᠢ ᠬᠠᠮᠲᠤ ᠪᠠᠢᠭ ᠠᠮᠢ ᠶᠢᠨ ᠢᠶᠠᠨ ᠪᠤᠷᠬᠠᠨ ᠳᠤ ᠪᠢ ᠳᠠᠭᠠᠳᠬᠠᠨ᠎ᠠ᠃

9 ᠮᠢᠨᠦ ᠬᠠᠳᠠ ᠪᠣᠯᠣᠭᠰᠠᠨ ᠪᠤᠷᠬᠠᠨ ᠳᠤ ᠪᠢ᠄ 《ᠶᠠᠭᠠᠬᠢᠭᠠᠳ ᠲᠠ ᠨᠠᠮᠠᠶᠢ ᠮᠠᠷᠲᠠᠪᠠ︖ ᠶᠠᠭᠠᠬᠢᠭᠠᠳ ᠪᠢ ᠳᠠᠢᠰᠤᠨ ᠤ ᠳᠠᠷᠤᠮᠲᠠ ᠠᠴᠠ ᠪᠣᠯᠵᠤ ᠭᠠᠰᠢᠭᠤᠳᠠᠨ ᠶᠠᠪᠤᠬᠤ ᠶᠣᠰᠣᠲᠠᠢ ᠪᠤᠢ︖》 ᠭᠡᠵᠦ ᠬᠡᠯᠡᠨ᠎ᠡ᠃
10 ᠥᠰᠲᠡᠨ ᠨᠦᠭᠦᠳ ᠮᠢᠨᠢ 《ᠴᠢᠨᠦ ᠪᠤᠷᠬᠠᠨ ᠬᠠᠮᠢᠭ᠎ᠠ ᠪᠠᠢᠨ᠎ᠠ︖》 ᠭᠡᠵᠦ ᠶᠠᠰᠤ ᠶᠢ ᠮᠢᠨᠢ ᠬᠡᠮᠬᠡᠯᠬᠦ ᠮᠡᠲᠦ ᠡᠳᠦᠷᠵᠢᠨ ᠨᠠᠮᠠᠶᠢ ᠳᠣᠷᠣᠮᠵᠢᠯᠠᠭᠰᠠᠨ ᠪᠢᠯᠡ᠃
11 ᠰᠡᠳᠬᠢᠯ ᠮᠢᠨᠢ ᠡ᠂ ᠴᠢ ᠶᠠᠭᠤᠨ ᠳᠤ ᠴᠥᠬᠥᠷᠡᠨ᠎ᠡ ᠪᠤᠢ︖ ᠶᠠᠭᠠᠬᠢᠭᠠᠳ ᠴᠢ ᠮᠢᠨᠦ ᠳᠣᠲᠣᠷ᠎ᠠ ᠤᠢᠮᠤᠷᠠᠨ᠎ᠠ ᠪᠤᠢ︖ ᠪᠤᠷᠬᠠᠨ ᠳᠤ ᠨᠠᠢᠳᠠ ᠮᠢᠨᠦ ᠠᠪᠤᠷᠠᠯ ᠪᠣᠯ ᠲᠡᠷᠡ ᠪᠢ ᠲᠡᠭᠦᠨ ᠢ ᠳᠠᠬᠢᠨᠲᠠ ᠮᠠᠭᠲᠠᠨ᠎ᠠ᠃