ᠳᠠᠭᠤᠯᠠᠯ ᠬᠣᠷᠢᠨ ᠭᠤᠷᠪᠠ
ᠰᠠᠢᠨ ᠬᠣᠨᠢᠴᠢᠨ
ᠳ᠋ᠠᠸᠢᠳ᠋ ᠤᠨ ᠳᠠᠭᠤᠯᠠᠯ᠃
1 ᠶᠣᠬᠣᠸᠠ ᠪᠣᠯ ᠮᠢᠨᠦ ᠬᠣᠨᠢᠴᠢᠨ ᠪᠢ ᠶᠠᠮᠠᠷ ᠴᠤ ᠵᠦᠢᠯ ᠢᠶᠠᠷ ᠳᠤᠲᠠᠬᠤ ᠦᠭᠡᠢ᠃
2 ᠲᠡᠷᠡ ᠨᠠᠮᠠᠶᠢ ᠨᠣᠭᠣᠭᠠᠨ ᠪᠡᠯᠴᠢᠭᠡᠷ ᠲᠦ ᠬᠡᠪᠲᠡᠭᠦᠯᠵᠦ ᠳᠥᠯᠭᠡᠨ ᠤᠰᠤᠨ ᠤ ᠳᠡᠷᠭᠡᠳᠡᠭᠦᠷ ᠬᠥᠲᠥᠯᠳᠡᠭ᠃
3 ᠰᠡᠳᠬᠢᠯ ᠢ ᠮᠢᠨᠢ ᠰᠡᠷᠭᠦᠭᠡᠨ ᠨᠡᠷ᠎ᠡ ᠶᠢᠨ ᠢᠶᠠᠨ ᠲᠥᠯᠥᠭᠡ ᠨᠠᠮᠠᠶᠢ ᠵᠥᠪ ᠦᠨ ᠵᠠᠮ ᠢᠶᠠᠷ ᠬᠥᠲᠥᠯᠳᠡᠭ᠃
4 ᠦᠬᠦᠯ ᠦᠨ ᠰᠡᠭᠦᠳᠡᠷᠲᠦ ᠬᠥᠨᠳᠡᠢ ᠪᠠᠷ ᠳᠤᠭᠤᠯᠤᠭᠰᠠᠨ ᠴᠤ ᠬᠥᠨᠥᠭᠡᠯ ᠡᠴᠡ ᠪᠢ ᠠᠶᠤᠬᠤ ᠦᠭᠡᠢ ᠤᠴᠢᠷ ᠨᠢ ᠲᠠ ᠨᠠᠳᠠ ᠲᠠᠢ ᠬᠠᠮᠲᠤ ᠪᠠᠢᠳᠠᠭ᠂ ᠲᠠᠨ ᠤ ᠰᠢᠯᠪᠢᠭᠦᠷ᠂ ᠲᠠᠨ ᠤ ᠲᠠᠶᠠᠭ ᠨᠠᠮᠠᠶᠢ ᠲᠠᠢᠪᠤᠰᠢᠷᠠᠭᠤᠯᠤᠨᠠ᠃
5 ᠳᠠᠢᠰᠤᠨ ᠨᠤᠭᠤᠳ ᠤᠨ ᠮᠢᠨᠢ ᠡᠮᠦᠨ᠎ᠡ ᠲᠠ ᠨᠠᠳᠠ ᠳᠤ ᠰᠢᠷᠡᠭᠡ ᠵᠠᠰᠠᠵᠤ ᠲᠣᠯᠣᠭᠠᠢ ᠶᠢ ᠮᠢᠨᠢ ᠲᠣᠰᠣ ᠪᠠᠷ ᠲᠣᠰᠣᠯᠠᠭᠰᠠᠨ ᠴᠣᠮᠣ ᠮᠢᠨᠢ ᠳᠦᠭᠦᠷᠡᠩ ᠪᠠᠢᠨ᠎ᠠ᠃
6 ᠠᠮᠢᠳᠤᠷᠠᠯ ᠤᠨ ᠮᠢᠨᠢ ᠪᠦᠬᠦ ᠡᠳᠦᠷ ᠤᠳ ᠲᠤ ᠰᠠᠢᠨ ᠰᠠᠢᠬᠠᠨ ᠬᠢᠭᠡᠳ ᠬᠠᠢᠷ᠎ᠠ ᠡᠨᠡᠷᠢᠯ ᠨᠠᠮᠠᠶᠢ ᠯᠠᠪᠲᠠᠢ ᠳᠠᠭᠠᠵᠤ ᠥᠨᠢ ᠡᠭᠦᠷᠢᠳᠡ ᠪᠢ ᠶᠣᠬᠣᠸᠠ ᠶᠢᠨ ᠥᠷᠭᠥᠭᠡᠨ ᠳᠦ ᠰᠠᠭᠤᠬᠤ ᠪᠣᠯᠣᠨ᠎ᠠ᠃