ᠳᠠᠭᠤᠯᠠᠯ ᠨᠠᠢ᠌ᠮᠠ
ᠪᠤᠷᠬᠠᠨ ᠤ ᠵᠢᠪᠬᠤᠯᠠᠩ ᠬᠥᠮᠦᠨ ᠦ ᠠᠯᠳᠠᠷ
ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠂ ᠬᠢᠲ᠋ᠢᠲ ᠳᠡᠭᠡᠷ᠎ᠡ᠃
1 ᠶᠣᠬᠣᠸᠠ᠂ ᠪᠢᠳᠡᠨ ᠦ ᠡᠵᠡᠨ ᠲᠠᠨ ᠤ ᠠᠯᠳᠠᠷ ᠪᠦᠬᠦ ᠭᠠᠵᠠᠷ ᠳᠡᠭᠡᠷ᠎ᠡ ᠶᠠᠭᠤᠲᠠᠢ ᠠᠭᠤᠤ ᠪᠤᠢ︕ ᠲᠠ ᠴᠣᠭ ᠵᠢᠪᠬᠤᠯᠠᠩ ᠢᠶᠠᠨ ᠲᠩᠷᠢ ᠶᠢᠨ ᠳᠡᠭᠡᠭᠦᠷ ᠲᠠᠯᠪᠢᠭᠰᠠᠨ᠃
2 ᠲᠠ ᠥᠰᠲᠡᠨ ᠨᠦᠭᠦᠳ ᠦᠨ ᠡᠰᠡᠷᠭᠦ ᠪᠠᠯᠴᠢᠷ᠂ ᠬᠥᠬᠥᠭᠦᠯ ᠬᠡᠦᠬᠡᠳ ᠤᠳ ᠤᠨ ᠠᠮᠠ ᠪᠠᠷ ᠪᠡᠬᠢᠯᠡᠯᠲᠡ ᠶᠢ ᠪᠠᠢᠭᠤᠯᠤᠭᠰᠠᠨ ᠡᠢᠨ ᠬᠦ ᠲᠠ ᠳᠠᠢᠰᠤᠨ ᠪᠣᠯᠣᠨ ᠬᠣᠨᠵᠢᠩᠨᠠᠭᠴᠢ ᠶᠢ ᠳᠠᠭᠤ ᠦᠭᠡᠢ ᠪᠠᠢᠯᠭᠠᠬᠤ ᠭᠡᠰᠡᠨ᠃
3 ᠲᠠᠨ ᠤ ᠮᠤᠲᠤᠷ ᠤᠨ ᠪᠦᠲᠦᠭᠡᠯ ᠪᠣᠯᠬᠤ ᠲᠠᠨ ᠤ ᠲᠩᠷᠢ ᠶᠢ ᠲᠠᠨ ᠤ ᠪᠠᠢᠷᠢᠯᠠᠭᠤᠯᠤᠭᠰᠠᠨ ᠰᠠᠷ᠎ᠠ ᠪᠠ ᠣᠳᠣᠳ ᠢ ᠪᠢ ᠦᠵᠡᠵᠦ ᠪᠠᠢᠨ᠎ᠠ᠂
4 ᠬᠥᠮᠦᠨ ᠭᠡᠭᠴᠢ ᠶᠠᠭᠤ ᠪᠣᠯᠣᠭᠠᠳ ᠲᠠ ᠲᠡᠭᠦᠨ ᠳᠦ ᠰᠠᠨᠠᠭ᠎ᠠ ᠲᠠᠯᠪᠢᠨ᠎ᠠ ᠪᠤᠢ︖ ᠬᠥᠮᠦᠨ ᠦ ᠬᠦᠦ ᠭᠡᠭᠴᠢ ᠶᠠᠭᠤ ᠪᠣᠯᠣᠭᠠᠳ ᠲᠠ ᠲᠡᠭᠦᠨ ᠢ ᠬᠠᠯᠠᠮᠵᠢᠯᠠᠨ᠎ᠠ ᠪᠤᠢ︖
5 ᠲᠠ ᠲᠡᠭᠦᠨ ᠢ ᠪᠤᠷᠬᠠᠨ ᠠᠴᠠ ᠠᠷᠠᠢ ᠳᠣᠣᠷ᠎ᠠ ᠪᠠᠢᠯᠭᠠᠵᠤ ᠲᠡᠭᠦᠨ ᠳᠦ ᠠᠯᠳᠠᠷ ᠬᠦᠨᠳᠦ ᠶᠢᠨ ᠲᠢᠲᠢᠮ ᠢ ᠰᠣᠶᠣᠷᠬᠠᠨ
6 ᠮᠤᠲᠤᠷ ᠤᠨ ᠢᠶᠠᠨ ᠪᠦᠲᠦᠭᠡᠯ ᠤᠳ ᠢ ᠲᠡᠭᠦᠨ ᠢᠶᠡᠷ ᠵᠠᠬᠢᠷᠤᠭᠤᠯᠵᠤ ᠬᠠᠮᠤᠭ ᠶᠠᠭᠤᠮ᠎ᠠ ᠶᠢ ᠲᠡᠭᠦᠨ ᠦ ᠬᠥᠯ ᠦᠨ ᠳᠣᠣᠷ᠎ᠠ ᠲᠠᠯᠪᠢᠭᠰᠠᠨ᠂
7 ᠲᠡᠳᠡᠭᠡᠷ ᠨᠢ ᠪᠦᠬᠦ ᠬᠣᠨᠢ ᠪᠠ ᠦᠬᠡᠷ ᠮᠥᠨ ᠬᠡᠭᠡᠷ᠎ᠡ ᠶᠢᠨ ᠠᠮᠢᠲᠠᠳ
8 ᠲᠩᠷᠢ ᠶᠢᠨ ᠰᠢᠪᠠᠭᠤᠳ ᠪᠣᠯᠣᠨ ᠳᠠᠯᠠᠢ ᠶᠢᠨ ᠵᠢᠭᠠᠰᠤ ᠪᠤᠶᠤ ᠤᠰᠤᠨ ᠵᠠᠮ ᠢᠶᠠᠷ ᠰᠡᠯᠢᠭ᠍ᠴᠢ ᠪᠦᠬᠦᠨ ᠶᠤᠮ᠃
9 ᠶᠣᠬᠣᠸᠠ᠂ ᠪᠢᠳᠡᠨ ᠦ ᠡᠵᠡᠨ ᠲᠠᠨ ᠤ ᠨᠡᠷ᠎ᠡ ᠪᠦᠬᠦ ᠭᠠᠵᠠᠷ ᠳᠡᠭᠡᠷ᠎ᠡ ᠶᠠᠭᠤᠲᠠᠢ ᠠᠭᠤᠤ ᠪᠤᠢ︕