1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠳᠥᠴᠢ
 ᠲᠠᠯᠠᠷᠬᠠᠯ ᠪᠠ ᠭᠤᠶᠤᠯᠲᠠ
 ᠳ᠋ᠠᠸᠢᠳ᠋ ᠤᠨ ᠳᠠᠭᠤᠯᠠᠯ᠃ ᠨᠠᠢᠷᠠᠯ ᠳᠠᠭᠤᠤ ᠶᠢᠨ ᠤᠳᠤᠷᠢᠳᠤᠭᠠᠴᠢ ᠳᠤ᠃

1 ᠪᠢ ᠶᠣᠬᠣᠸᠠ ᠶᠢ ᠬᠦᠯᠢᠶᠡᠨ ᠬᠦᠯᠢᠶᠡᠭᠰᠡᠨ ᠲᠡᠷᠡ ᠨᠠᠳᠠ ᠤᠷᠤᠭᠤ ᠥᠩᠭᠡᠶᠢᠵᠦ᠂ ᠬᠠᠰᠬᠢᠷᠬᠤ ᠶᠢ ᠮᠢᠨᠢ ᠰᠣᠨᠣᠰᠣᠭᠰᠠᠨ᠃
2 ᠲᠡᠷᠡ ᠨᠠᠮᠠᠶᠢ ᠰᠦᠢᠷᠡᠯ ᠦᠨ ᠨᠦᠬᠡᠨ ᠡᠴᠡ ᠰᠢᠪᠠᠷ ᠰᠢᠪᠬᠠᠢ ᠠᠴᠠ ᠲᠠᠲᠠᠨ ᠭᠠᠷᠭᠠᠵᠤ ᠬᠥᠯ ᠢ ᠮᠢᠨᠢ ᠬᠠᠳᠠᠨ ᠳᠡᠭᠡᠷ᠎ᠡ ᠲᠠᠯᠪᠢᠨ ᠠᠯᠬᠤᠮ ᠢ ᠮᠢᠨᠢ ᠪᠠᠲᠤ ᠪᠣᠯᠭᠠᠭᠰᠠᠨ᠂
3 ᠠᠮᠠᠨ ᠳᠤ ᠮᠢᠨᠢ ᠰᠢᠨ᠎ᠡ ᠳᠠᠭᠤᠤ ᠶᠢ ᠪᠢᠳᠡᠨ ᠦ ᠪᠤᠷᠬᠠᠨ ᠳᠤ ᠡᠷᠭᠦᠬᠦ ᠮᠠᠭᠲᠠᠭᠠᠯ ᠢ ᠰᠣᠶᠣᠷᠬᠠᠵᠠᠢ᠂ ᠣᠯᠠᠨ ᠬᠥᠮᠦᠨ ᠦᠵᠡᠭᠡᠳ ᠡᠮᠢᠶᠡᠵᠦ᠂ ᠶᠣᠬᠣᠸᠠ ᠳᠤ ᠢᠲᠡᠭᠡᠬᠦ ᠪᠣᠯᠲᠤᠭᠠᠢ᠃

4 ᠪᠠᠷᠳᠠᠮᠨᠠᠭᠴᠢᠳ᠂ ᠬᠠᠭᠤᠷᠮᠠᠭ ᠤᠨ ᠬᠣᠢᠨ᠎ᠠ ᠠᠴᠠ ᠲᠥᠭᠡᠷᠢᠭ᠍ᠴᠢ ᠤᠷᠤᠭᠤ ᠬᠠᠨᠳᠤᠯ ᠦᠭᠡᠢ ᠶᠣᠬᠣᠸᠠ ᠳᠤ ᠢᠲᠡᠭᠡᠯ ᠢᠶᠡᠨ ᠲᠠᠯᠪᠢᠭᠰᠠᠨ ᠬᠥᠮᠦᠨ ᠪᠤᠶᠠᠨ ᠲᠠᠢ᠃
5 ᠮᠢᠨᠦ ᠪᠤᠷᠬᠠᠨ ᠶᠣᠬᠣᠸᠠ᠂ ᠲᠠᠨ ᠤ ᠦᠵᠡᠭᠦᠯᠦᠭᠰᠡᠨ ᠭᠠᠢᠬᠠᠮᠰᠢᠭᠲᠤ ᠦᠢᠯᠡᠰ ᠪᠢᠳᠡᠨ ᠳᠦ ᠬᠠᠨᠳᠤᠭᠰᠠᠨ ᠲᠠᠨ ᠤ ᠵᠣᠷᠢᠯᠭ᠎ᠠ ᠣᠯᠠᠨ ᠪᠠᠢᠨ᠎ᠠ᠂ ᠲᠠᠨ ᠲᠠᠢ ᠡᠩ ᠵᠡᠷᠭᠡᠴᠡᠬᠦ ᠬᠡᠨ ᠴᠤ ᠦᠭᠡᠢ ᠲᠤᠩ᠋ᠬᠠᠭᠯᠠᠨ ᠬᠡᠯᠡᠶ᠎ᠡ ᠭᠡᠰᠡᠨ ᠴᠤ ᠲᠡᠳᠡᠭᠡᠷ ᠨᠢ ᠲᠣᠭᠠᠯᠠᠰᠢ ᠦᠭᠡᠢ ᠣᠯᠠᠨ᠃

6 ᠲᠠ ᠨᠢᠲᠤᠯᠬᠤ ᠲᠠᠬᠢᠯ᠂ ᠢᠳᠡᠭᠡᠨ ᠡᠷᠭᠦᠯ ᠢ ᠬᠦᠰᠡᠭᠰᠡᠨ ᠦᠭᠡᠢ ᠲᠠ ᠮᠢᠨᠦ ᠴᠢᠬᠢ ᠶᠢ ᠨᠡᠭᠡᠭᠡᠭᠰᠡᠨ᠂ ᠲᠠ ᠰᠢᠲᠠᠭᠠᠯᠭᠠᠲᠤ ᠲᠠᠬᠢᠯ ᠪᠤᠶᠤ ᠨᠢᠭᠦᠯ ᠦᠨ ᠲᠠᠬᠢᠯ ᠢ ᠱᠠᠭᠠᠷᠳᠠᠭᠰᠠᠨ ᠦᠭᠡᠢ᠃
7 ᠲᠡᠭᠡᠲᠡᠯ᠎ᠡ ᠪᠢ 《ᠬᠠᠷᠠᠭᠠᠴᠢ᠂ ᠪᠢ ᠢᠷᠡᠯ᠎ᠡ ᠬᠤᠢᠯᠠᠮᠠᠯ ᠨᠣᠮ ᠳᠣᠲᠣᠷ᠎ᠠ ᠮᠢᠨᠦ ᠲᠤᠬᠠᠢ ᠪᠢᠴᠢᠭᠰᠡᠨ ᠪᠠᠢᠳᠠᠭ᠂
8 ᠪᠤᠷᠬᠠᠨ ᠮᠢᠨᠢ ᠡ᠂ ᠪᠢ ᠲᠠᠨ ᠤ ᠲᠠᠭᠠᠯᠠᠯ ᠢ ᠪᠡᠶᠡᠯᠡᠭᠦᠯᠬᠦ ᠳᠤᠷᠠᠲᠠᠢ᠂ ᠲᠠᠨ ᠤ ᠬᠠᠤᠯᠢ ᠵᠢᠷᠦᠬᠡᠨ ᠳᠦ ᠮᠢᠨᠢ ᠪᠤᠢ》 ᠭᠡᠵᠦ ᠬᠡᠯᠡᠭᠰᠡᠨ᠃

9 ᠶᠡᠬᠡ ᠴᠢᠭᠤᠯᠭᠠᠨ ᠳᠤ ᠪᠢ ᠵᠥᠪᠲᠥᠭᠡᠯ ᠦᠨ ᠪᠠᠶᠠᠷ ᠤᠨ ᠮᠡᠳᠡᠭᠡ ᠶᠢ ᠲᠤᠩ᠋ᠬᠠᠭᠯᠠᠶ᠎ᠠ ᠬᠠᠷᠠ᠂ ᠪᠢ ᠣᠷᠣᠭᠤᠯ ᠢᠶᠠᠨ ᠬᠠᠮᠬᠢᠬᠤ ᠦᠭᠡᠢ ᠡᠭᠦᠨ ᠢ ᠶᠣᠬᠣᠸᠠ ᠲᠠ ᠮᠡᠳᠡᠨ᠎ᠡ᠃
10 ᠲᠠᠨ ᠤ ᠵᠥᠪ ᠢ ᠪᠢ ᠵᠢᠷᠦᠬᠡᠨ ᠳᠡᠭᠡᠨ ᠨᠢᠭᠤᠳᠠᠭ ᠦᠭᠡᠢ ᠲᠠᠨ ᠤ ᠢᠲᠡᠭᠡᠮᠵᠢᠲᠦ ᠪᠠᠢᠳᠠᠯ ᠬᠢᠭᠡᠳ ᠠᠪᠤᠷᠠᠯ ᠢ ᠪᠢ ᠢᠯᠡᠷᠬᠡᠶᠢᠯᠡᠳᠡᠭ᠌ ᠲᠠᠨ ᠤ ᠬᠠᠢᠷ᠎ᠠ᠂ ᠲᠠᠨ ᠤ ᠦᠨᠡᠨ ᠢ ᠪᠢ ᠶᠡᠬᠡ ᠴᠢᠭᠤᠯᠭᠠᠨ ᠠᠴᠠ ᠨᠢᠭᠤᠳᠠᠭ ᠦᠭᠡᠢ᠃

11 ᠶᠣᠬᠣᠸᠠ᠂ ᠲᠠ ᠥᠷᠥᠰᠢᠶᠡᠯ ᠢᠶᠡᠨ ᠨᠠᠳᠠ ᠠᠴᠠ ᠪᠦᠦ ᠵᠠᠢᠯᠠᠭᠤᠯᠤᠭᠠᠴᠢ ᠲᠠᠨ ᠤ ᠬᠠᠢᠷ᠎ᠠ᠂ ᠲᠠᠨ ᠤ ᠦᠨᠡᠨ ᠦᠷᠭᠦᠯᠵᠢ ᠨᠠᠮᠠᠶᠢ ᠬᠠᠮᠠᠭᠠᠯᠠᠭ᠃
12 ᠦᠨᠡᠬᠡᠷ ᠲᠣᠭᠠᠯᠠᠰᠢ ᠦᠭᠡᠢ ᠪᠡᠷᠬᠡ ᠨᠠᠮᠠᠶᠢ ᠲᠣᠭᠣᠷᠢᠪᠠ ᠨᠢᠭᠦᠯ ᠳᠡᠭᠡᠨ ᠨᠡᠬᠡᠭᠳᠡᠵᠦ ᠪᠢ ᠬᠠᠷᠠᠵᠤ ᠴᠢᠳᠠᠬᠤ ᠦᠭᠡᠢ ᠪᠣᠯᠪᠠ ᠨᠢᠭᠦᠯ ᠮᠢᠨᠢ ᠲᠣᠯᠣᠭᠠᠢ ᠶᠢᠨ ᠦᠰᠦᠨ ᠡᠴᠡ ᠴᠤ ᠣᠯᠠᠨ᠂ ᠵᠢᠷᠦᠬᠡ ᠮᠢᠨᠢ ᠴᠤ ᠮᠣᠬᠣᠵᠠᠢ᠃

13 ᠶᠣᠬᠣᠸᠠ᠂ ᠨᠠᠮᠠᠶᠢ ᠲᠠᠭᠠᠯᠠᠵᠤ ᠴᠢᠯᠥᠭᠡᠯᠡᠭᠡᠴᠢ ᠶᠣᠬᠣᠸᠠ᠂ ᠨᠠᠳᠠ ᠳᠤ ᠲᠤᠰᠠᠯᠠᠬᠤ ᠪᠠᠷ ᠬᠤᠷᠳᠤᠯᠠᠭᠠᠴᠢ᠃
14 ᠠᠮᠢ ᠶᠢ ᠮᠢᠨᠢ ᠠᠪᠬᠤ ᠪᠠᠷ ᠬᠠᠢᠭᠴᠢᠳ ᠪᠦᠭᠦᠳᠡᠭᠡᠷ ᠢᠴᠢᠵᠦ ᠭᠤᠲᠤᠭ ᠰᠦᠢᠷᠡᠯ ᠢ ᠮᠢᠨᠢ ᠬᠦᠰᠡᠭᠴᠢᠳ ᠰᠢᠪᠰᠢᠭ ᠪᠣᠯᠵᠤ ᠤᠬᠤᠷᠢᠭ
15 ᠨᠠᠳᠠ ᠳᠤ 《ᠬᠠ᠂ ᠬᠠ︕》 ᠭᠡᠭᠴᠢᠳ ᠢᠴᠢᠭᠦᠷᠢ ᠪᠣᠯᠵᠤ ᠪᠠᠯᠠᠮᠠᠭᠳᠠᠭ᠂
16 ᠬᠠᠷᠢᠨ ᠲᠠᠨ ᠢ ᠬᠠᠢᠭᠴᠢᠳ ᠨᠢ ᠪᠦᠭᠦᠳᠡᠭᠡᠷ ᠲᠠᠨ ᠤ ᠳᠣᠲᠣᠷ᠎ᠠ ᠪᠠᠶᠠᠷᠯᠠᠨ ᠪᠠᠶᠠᠰᠤᠭ ᠲᠠᠨ ᠤ ᠠᠪᠤᠷᠠᠯ ᠢ ᠬᠠᠢᠷᠠᠯᠠᠭᠰᠠᠳ ᠴᠠᠭ ᠦᠷᠭᠦᠯᠵᠢ 《ᠶᠣᠬᠣᠸᠠ ᠠᠭᠤᠤ》 ᠭᠡᠯᠴᠡᠭ᠂
17 ᠪᠢ ᠦᠭᠡᠭᠦᠦ ᠶᠠᠳᠠᠭᠤ᠂ ᠡᠵᠡᠨ ᠨᠠᠮᠠᠶᠢ ᠰᠠᠨᠠᠬᠤ ᠪᠣᠯᠲᠤᠭᠠᠢ ᠲᠠ ᠯᠠ ᠮᠢᠨᠦ ᠲᠤᠰᠠᠯᠠᠮᠵᠢ᠂ ᠮᠢᠨᠦ ᠠᠪᠤᠷᠠᠭᠴᠢ ᠪᠤᠷᠬᠠᠨ ᠮᠢᠨᠢ ᠡ᠂ ᠪᠦᠦ ᠬᠣᠢᠰᠢᠯᠠᠭᠤᠯᠤᠭᠠᠴᠢ᠃