ᠳᠠᠭᠤᠯᠠᠯ ᠵᠠᠭᠤ ᠬᠣᠷᠢᠨ ᠵᠢᠷᠭᠤᠭ᠎ᠠ
ᠴᠢᠯᠥᠭᠡᠯᠡᠭᠴᠢ ᠳᠤ ᠲᠠᠯᠠᠷᠬᠠᠬᠤ
ᠥᠭᠰᠥᠬᠦ ᠳᠠᠭᠤᠤ᠃
1 ᠶᠣᠬᠣᠸᠠ ᠽᠢᠶᠣᠨ ᠤ ᠣᠯᠵᠠᠯᠠᠭᠳᠠᠭᠰᠠᠳ ᠢ ᠪᠤᠴᠠᠭᠠᠬᠤ ᠦᠶ᠎ᠡ ᠳᠦ᠂ ᠪᠢᠳᠡ ᠵᠡᠭᠦᠳᠦᠯᠡᠵᠦ ᠪᠠᠢᠭ᠎ᠠ ᠰᠢᠭ᠋ ᠪᠠᠢᠪᠠ᠂
2 ᠲᠡᠷᠡ ᠦᠶ᠎ᠡ ᠳᠦ ᠠᠮᠠ ᠮᠢᠨᠢ ᠢᠨᠢᠶᠡᠮᠰᠦᠭᠯᠡᠯ ᠢᠶᠡᠷ ᠬᠡᠯᠡ ᠮᠠᠨᠢ ᠮᠠᠭᠲᠠᠭᠠᠯ ᠢᠶᠠᠷ ᠳᠦᠭᠦᠷᠦᠭᠰᠡᠨ᠂ ᠦᠨᠳᠦᠰᠦᠲᠡᠨ ᠨᠦᠭᠦᠳ ᠦᠨ ᠳᠤᠮᠳᠠ 《ᠶᠣᠬᠣᠸᠠ ᠲᠡᠳᠡᠨ ᠦ ᠲᠥᠯᠥᠭᠡ ᠠᠤᠭ᠎ᠠ ᠵᠦᠢᠯᠡᠰ ᠢ ᠦᠢᠯᠡᠳᠴᠢ》 ᠭᠡᠵᠦ ᠶᠠᠷᠢᠭᠳᠠᠵᠤ ᠪᠠᠢᠯ᠎ᠠ᠂
3 ᠶᠣᠬᠣᠸᠠ ᠪᠢᠳᠡᠨ ᠦ ᠲᠥᠯᠥᠭᠡ ᠠᠤᠭ᠎ᠠ ᠦᠢᠯᠡᠰ ᠢ ᠦᠢᠯᠡᠳᠦᠭᠰᠡᠨ ᠳᠦ᠂ ᠪᠢᠳᠡ ᠪᠠᠶᠠᠷ ᠲᠠᠢ ᠪᠠᠢᠨ᠎ᠠ᠂
4 ᠶᠣᠬᠣᠸᠠ ᠡ᠂ ᠡᠮᠦᠨᠡᠲᠦ ᠶᠢᠨ ᠤᠷᠤᠰᠬᠠᠯ ᠤᠳ ᠢ ᠰᠡᠷᠭᠦᠭᠡᠭᠰᠡᠨ ᠰᠢᠭ ᠢᠶᠠᠨ ᠣᠯᠵᠠᠯᠠᠭᠳᠠᠭᠰᠠᠳ ᠪᠢᠳᠡᠨ ᠢ ᠰᠡᠷᠭᠦᠭᠡᠭᠡᠴᠢ᠂
5 ᠨᠢᠯᠪᠤᠰᠤ ᠲᠠᠢ ᠪᠠᠷ ᠦᠷ᠎ᠡ ᠰᠠᠴᠤᠭᠴᠢᠳ ᠪᠠᠶᠠᠷ ᠲᠠᠢ ᠪᠠᠷ ᠬᠤᠷᠢᠶᠠᠬᠤ ᠪᠣᠯᠣᠨ᠎ᠠ᠂
6 ᠦᠷ᠎ᠡ ᠲᠠᠢ ᠤᠭᠤᠲᠠ ᠪᠠᠨ ᠡᠭᠦᠷᠦᠨ᠂ ᠤᠬᠢᠯᠠᠨ ᠶᠠᠪᠤᠵᠤ ᠶᠠᠪᠤᠭᠠᠳ ᠪᠣᠭᠣᠵᠢᠯᠠᠭᠰᠠᠨ ᠲᠠᠷᠢᠶ᠎ᠠ ᠪᠠᠨ ᠡᠭᠦᠷᠦᠨ᠂ ᠪᠠᠶᠠᠷ ᠤᠨ ᠳᠠᠭᠤᠤ ᠲᠠᠢ ᠪᠠᠷ ᠢᠷᠡᠨ ᠢᠷᠡᠬᠦ ᠪᠣᠯᠣᠨ᠎ᠠ᠃