1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠬᠣᠶᠠᠷ
 ᠪᠤᠷᠬᠠᠨ ᠤ ᠡᠷᠭᠦᠮᠵᠢᠯᠡᠭᠰᠡᠨ ᠬᠠᠭᠠᠨ
1 ᠶᠠᠭᠤᠨ ᠳᠤ ᠦᠨᠳᠦᠰᠦᠲᠡᠨ ᠨᠦᠭᠦᠳ ᠦᠢᠮᠡᠵᠦ᠂ ᠶᠠᠰᠤᠲᠠᠨ ᠨᠤᠭᠤᠳ ᠬᠣᠭᠣᠰᠣᠨ ᠢ ᠰᠡᠳᠦᠨ᠎ᠡ ᠪᠤᠢ︖
2 ᠭᠠᠵᠠᠷ ᠤᠨ ᠬᠠᠭᠠᠳ ᠪᠣᠰᠴᠠᠭᠠᠵᠤ ᠨᠣᠶᠠᠳ ᠬᠠᠮᠲᠤᠷᠠᠨ ᠵᠥᠪᠯᠡᠯᠳᠦᠵᠦ ᠶᠣᠬᠣᠸᠠ ᠪᠠ ᠲᠡᠭᠦᠨ ᠦ ᠲᠣᠰᠣᠯᠠᠭᠳᠠᠭᠰᠠᠨ ᠨᠢᠭᠡᠨ ᠢ ᠡᠰᠡᠷᠭᠦᠴᠡᠨ
3 《ᠲᠡᠭᠦᠨ ᠦ ᠭᠢᠨᠵᠢ ᠶᠢ ᠲᠠᠰᠤᠯᠵᠠᠭᠠᠶ᠎ᠠ ᠲᠡᠭᠦᠨ ᠦ ᠳᠥᠩᠭᠡ ᠶᠢ ᠬᠠᠶᠠᠵᠠᠭᠠᠶ᠎ᠠ︕》 ᠭᠡᠯᠴᠡᠨ᠎ᠡ᠃

4 ᠲᠩᠷᠢ ᠳᠤ ᠵᠠᠯᠠᠷᠠᠭᠴᠢ ᠢᠨᠢᠶᠡᠨ᠎ᠡ ᠶᠣᠬᠣᠸᠠ ᠲᠡᠳᠡᠨ ᠢ ᠡᠯᠡᠭᠯᠡᠨ᠎ᠡ᠃
5 ᠲᠡᠭᠡᠲᠡᠯ᠎ᠡ ᠶᠣᠬᠣᠸᠠ ᠠᠭᠤᠷ ᠲᠠᠢ ᠪᠠᠷ ᠠᠢᠯᠠᠳᠤᠨ ᠬᠢᠯᠢᠩ ᠢᠶᠠᠷ ᠢᠶᠠᠨ ᠲᠡᠳᠡᠨ ᠢ ᠠᠶᠤᠯᠭᠠᠵᠤ᠄
6 《ᠬᠠᠷᠢᠨ ᠪᠢ ᠠᠷᠢᠭᠤᠨ ᠠᠭᠤᠯᠠ ᠽᠢᠶᠣᠨ ᠳᠠᠭᠠᠨ ᠬᠠᠭᠠᠨ ᠢᠶᠠᠨ ᠡᠷᠭᠦᠮᠵᠢᠯᠡᠯ᠎ᠡ》 ᠭᠡᠨ᠎ᠡ᠃
7 ᠪᠢ ᠶᠣᠬᠣᠸᠠ ᠶᠢᠨ ᠵᠠᠷᠯᠢᠭ ᠢ ᠲᠤᠩ᠋ᠬᠠᠭᠯᠠᠨ᠎ᠠ᠄ 《ᠲᠡᠷᠡ ᠨᠠᠳᠠ ᠳᠤ᠄ 〈ᠴᠢ ᠪᠣᠯ ᠮᠢᠨᠦ ᠬᠦᠦ ᠥᠨᠥᠳᠥᠷ ᠪᠢ ᠴᠢᠮ᠎ᠠ ᠶᠢ ᠲᠥᠷᠥᠭᠦᠯᠦᠭᠰᠡᠨ᠃
8 ᠴᠢ ᠨᠠᠳᠠ ᠠᠴᠠ ᠭᠤᠶᠤ︕ ᠪᠢ ᠦᠨᠳᠦᠰᠦᠲᠡᠨ ᠨᠦᠭᠦᠳ ᠢ ᠴᠢᠨᠦ ᠥᠪ ᠪᠣᠯᠭᠠᠨ᠎ᠠ ᠳᠡᠯᠡᠬᠡᠢ ᠶᠢᠨ ᠬᠢᠵᠠᠭᠠᠷ ᠴᠤ ᠴᠢᠨᠦ ᠥᠮᠴᠢ ᠪᠣᠯᠣᠨ᠎ᠠ
9 ᠲᠡᠳᠡᠨ ᠢ ᠴᠢ ᠲᠡᠮᠦᠷ ᠲᠠᠶᠠᠭ ᠢᠶᠠᠷ ᠪᠠᠯᠪᠠᠴᠢᠵᠤ ᠸᠠᠭᠠᠷᠴᠢᠨ ᠤ ᠸᠠᠭᠠᠷ ᠮᠡᠲᠦ ᠬᠡᠮᠬᠡᠯᠦᠨ᠎ᠡ〉 ᠭᠡᠰᠡᠨ᠃》

10 ᠬᠠᠭᠠᠳ ᠡ᠂ ᠣᠳᠣ ᠤᠬᠠᠭᠠᠷᠠᠯ ᠢ ᠣᠯ ᠭᠠᠵᠠᠷ ᠤᠨ ᠵᠠᠬᠢᠷᠤᠭᠴᠢᠳ ᠡ᠂ ᠭᠡᠰᠬᠡᠯᠲᠡ ᠶᠢ ᠠᠪ᠂
11 ᠶᠣᠬᠣᠸᠠ ᠠᠴᠠ ᠡᠮᠢᠶᠡᠨ ᠪᠠᠢᠵᠤ ᠦᠢᠯᠡᠴᠢᠯᠡ ᠰᠦᠷᠳᠡᠨ ᠪᠠᠢᠵᠤ ᠪᠠᠶᠠᠰ᠃
12 ᠬᠦᠦ ᠶᠢ ᠦᠨᠦᠰ᠂ ᠡᠰᠡ ᠲᠡᠭᠡᠪᠡᠯ ᠲᠡᠷᠡ ᠠᠭᠤᠷᠯᠠᠬᠤ ᠪᠤᠢ᠂ ᠲᠡᠭᠦᠨ ᠦ ᠠᠭᠤᠷ ᠭᠡᠨᠡᠳᠲᠡ ᠠᠰᠠᠬᠤ ᠳᠤ ᠴᠢ ᠵᠠᠮ ᠳᠠᠭᠠᠨ ᠰᠥᠨᠥᠬᠦ ᠪᠣᠯᠣᠨ᠎ᠠ ᠬᠠᠷᠢᠨ ᠲᠡᠭᠦᠨ ᠦ ᠳᠣᠲᠣᠷ᠎ᠠ ᠬᠣᠷᠭᠣᠳᠠᠬᠤ ᠪᠦᠬᠦᠨ ᠪᠤᠶᠠᠨ ᠲᠠᠢ︕