ᠬᠠᠭᠠᠳ ᠤᠨ ᠳᠡᠳ᠋ ᠬᠣᠷᠢ
ᠾᠧᠽᠧᠺᠢᠶ᠎ᠠ ᠶᠢᠨ ᠡᠳᠡᠭᠡᠷᠡᠯ
1 ᠲᠡᠷᠡ ᠡᠳᠦᠷ ᠤᠳ ᠲᠤ ᠾᠧᠽᠧᠺᠢᠶ᠎ᠠ ᠡᠪᠡᠳᠴᠢᠯᠡᠵᠦ ᠦᠬᠦᠬᠦ ᠣᠢᠷᠠᠲᠤᠯ᠎ᠠ᠃ ᠠᠮᠣᠽ ᠤᠨ ᠬᠦᠦ ᠡᠰᠢ ᠦᠵᠡᠭᠦᠯᠦᠭᠴᠢ ᠢᠰᠠᠢᠶ᠎ᠠ ᠲᠡᠭᠦᠨ ᠤᠷᠤᠭᠤ ᠢᠷᠡᠭᠡᠳ᠄ 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠭᠡᠷ ᠦᠨ ᠬᠢᠨ ᠳᠡᠭᠡᠨ ᠭᠡᠷᠢᠶᠡᠰ ᠦᠯᠡᠳᠡᠭᠡ᠃ ᠴᠢ ᠡᠳᠡᠭᠡᠷᠡᠬᠦ ᠦᠭᠡᠢ᠂ ᠦᠬᠦᠨ᠎ᠡ〉》 ᠭᠡᠪᠡ᠃ 2 ᠾᠧᠽᠧᠺᠢᠶ᠎ᠠ ᠨᠢᠭᠤᠷ ᠢᠶᠠᠨ ᠬᠠᠨ᠎ᠠ ᠤᠷᠤᠭᠤ ᠬᠠᠷᠠᠭᠤᠯᠵᠤ ᠶᠣᠬᠣᠸᠠ ᠳᠤ ᠳᠠᠭᠠᠳᠬᠠᠨ᠄ 3 《ᠲᠠᠨ ᠠᠴᠠ ᠭᠤᠶᠤᠶ᠎ᠠ᠂ ᠶᠣᠬᠣᠸᠠ ᠡ᠂ ᠪᠢ ᠲᠠᠨ ᠤ ᠡᠮᠦᠨ᠎ᠡ ᠦᠨᠡᠨ ᠢᠶᠡᠷ᠂ ᠴᠢᠩ ᠰᠡᠳᠬᠢᠯ ᠢᠶᠠᠷ ᠢᠶᠠᠨ ᠠᠮᠢᠳᠤᠷᠠᠵᠤ᠂ ᠲᠠᠨ ᠤ ᠮᠡᠯᠮᠡᠢ ᠳᠦ ᠰᠠᠢᠨ ᠢ ᠦᠢᠯᠡᠳᠴᠦ ᠪᠠᠢᠭᠰᠠᠨ ᠢ ᠣᠳᠣ ᠰᠠᠨᠠᠭᠠᠴᠢ》 ᠭᠡᠵᠦ ᠬᠡᠯᠡᠭᠡᠳ ᠴᠤᠷᠬᠢᠷᠠᠨ ᠤᠬᠢᠯᠠᠪᠠ᠃ 4 ᠢᠰᠠᠢᠶ᠎ᠠ ᠳᠤᠮᠳᠠ ᠬᠦᠷᠢᠶᠡᠨ ᠡᠴᠡ ᠴᠤ ᠭᠠᠷᠬᠤ ᠠᠴᠠ ᠡᠮᠦᠨ᠎ᠡ ᠶᠣᠬᠣᠸᠠ ᠶᠢᠨ ᠦᠭᠡ ᠲᠡᠭᠦᠨ ᠳᠦ ᠢᠷᠡᠵᠦ᠄ 5 《ᠴᠢ ᠪᠤᠴᠠᠵᠤ ᠣᠴᠢᠭᠠᠳ ᠮᠢᠨᠦ ᠠᠷᠠᠳ ᠲᠦᠮᠡᠨ ᠦ ᠤᠳᠤᠷᠢᠳᠤᠭᠴᠢ ᠾᠧᠽᠧᠺᠢᠶ᠎ᠠ ᠳᠤ ᠬᠡᠯᠡᠭᠲᠦᠨ᠄ ᠴᠢᠨᠦ ᠡᠪᠦᠭᠡ ᠡᠴᠢᠭᠡ ᠳ᠋ᠠᠸᠢᠳ᠋ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠢ ᠴᠢᠨᠦ ᠳᠠᠭᠠᠳᠬᠠᠯ ᠢ ᠰᠣᠨᠣᠰᠴᠤ᠂ ᠴᠢᠨᠦ ᠨᠢᠯᠪᠤᠰᠤ ᠶᠢ ᠬᠠᠷᠠᠯ᠎ᠠ᠃ ᠬᠠᠷ᠎ᠠ᠂ ᠪᠢ ᠴᠢᠮᠠᠶᠢ ᠡᠳᠡᠭᠡᠭᠡᠨ᠎ᠡ︕ ᠭᠤᠷᠪᠠᠳᠠᠬᠢ ᠡᠳᠦᠷ ᠲᠡᠭᠡᠨ ᠴᠢ ᠶᠣᠬᠣᠸᠠ ᠶᠢᠨ ᠥᠷᠭᠥᠭᠡ ᠥᠭᠡᠳᠡ ᠣᠴᠢᠨ᠎ᠠ᠃ 6 ᠪᠢ ᠴᠢᠨᠦ ᠡᠳᠦᠷ ᠤᠳ ᠳᠡᠭᠡᠷ᠎ᠡ ᠠᠷᠪᠠᠨ ᠲᠠᠪᠤᠨ ᠵᠢᠯ ᠢ ᠨᠡᠮᠡᠶ᠎ᠡ᠂ ᠪᠢ ᠴᠢᠮᠠᠶᠢ ᠪᠣᠯᠣᠨ ᠡᠨᠡ ᠬᠣᠲᠠ ᠶᠢ ᠠᠰᠢᠷᠢᠶ᠎ᠠ ᠶᠢᠨ ᠬᠠᠭᠠᠨ ᠤ ᠭᠠᠷ ᠠᠴᠠ ᠠᠪᠤᠷᠠᠵᠤ᠂ ᠥᠪᠡᠷ ᠦᠨ ᠢᠶᠠᠨ ᠡᠮᠦᠨ᠎ᠡ ᠡᠴᠡ ᠪᠣᠯᠣᠨ ᠮᠢᠨᠦ ᠵᠠᠷᠤᠴᠠ ᠳ᠋ᠠᠸᠢᠳ᠋ ᠤᠨ ᠡᠮᠦᠨ᠎ᠡ ᠡᠴᠡ ᠡᠨᠡ ᠬᠣᠲᠠ ᠶᠢ ᠬᠠᠮᠠᠭᠠᠯᠠᠨ᠎ᠠ〉》 ᠬᠡᠮᠡᠨ ᠠᠢᠯᠠᠳᠤᠯ᠎ᠠ᠃ 7 ᠢᠰᠠᠢᠶ᠎ᠠ᠄ 《ᠢᠨᠵᠢᠷ ᠤᠨ ᠵᠢᠭᠤᠷᠠᠮᠠᠯ ᠪᠡᠯᠡᠳᠬᠡ》 ᠭᠡᠬᠦ ᠳᠦ᠂ ᠬᠥᠮᠦᠰ ᠲᠡᠭᠦᠨ ᠢ ᠪᠡᠯᠡᠳᠬᠡᠭᠡᠳ ᠬᠠᠭᠠᠨ ᠤ ᠬᠠᠲᠠᠭᠢ ᠳᠡᠭᠡᠷ᠎ᠡ ᠲᠠᠯᠪᠢᠭᠰᠠᠨ ᠳᠤ᠂ ᠾᠧᠽᠧᠺᠢᠶ᠎ᠠ ᠡᠳᠡᠭᠡᠪᠡ᠃
8 ᠾᠧᠽᠧᠺᠢᠶ᠎ᠠ ᠢᠰᠠᠢᠶ᠎ᠠ ᠠᠴᠠ᠄ 《ᠶᠣᠬᠣᠸᠠ ᠨᠠᠮᠠᠶᠢ ᠡᠳᠡᠭᠡᠭᠡᠵᠦ᠂ ᠭᠤᠷᠪᠠᠳᠠᠬᠢ ᠡᠳᠦᠷ ᠨᠢ ᠶᠣᠬᠣᠸᠠ ᠶᠢᠨ ᠥᠷᠭᠥᠭᠡ ᠥᠭᠡᠳᠡ ᠣᠴᠢᠬᠤ ᠶᠢᠨ ᠮᠢᠨᠢ ᠲᠡᠮᠳᠡᠭ ᠶᠠᠭᠤ ᠪᠤᠢ︖》 ᠭᠡᠵᠦ ᠠᠰᠠᠭᠤᠪᠠ᠃ 9 ᠢᠰᠠᠢᠶ᠎ᠠ᠄ 《ᠶᠣᠬᠣᠸᠠ ᠶᠢᠨ ᠠᠢᠯᠠᠳᠤᠭᠰᠠᠨ ᠢᠶᠠᠨ ᠪᠡᠶᠡᠯᠡᠭᠦᠯᠬᠦ ᠲᠡᠮᠳᠡᠭ ᠡᠨᠡ ᠪᠠᠢᠨ᠎ᠠ᠄ ᠰᠡᠭᠦᠳᠡᠷ ᠢ ᠠᠷᠪᠠᠨ ᠠᠯᠬᠤᠮ ᠤᠷᠤᠭᠰᠢᠯᠠᠭᠤᠯᠬᠤ ᠤᠤ︖ ᠡᠰᠡᠪᠡᠯ ᠠᠷᠪᠠᠨ ᠠᠯᠬᠤᠮ ᠤᠬᠤᠷᠢᠭᠤᠯᠬᠤ ᠤᠤ︖》 ᠭᠡᠪᠡ᠃ 10 ᠾᠧᠽᠧᠺᠢᠶ᠎ᠠ ᠬᠠᠷᠢᠭᠤ ᠳᠤᠨᠢ᠄ 《ᠰᠡᠭᠦᠳᠡᠷ ᠢ ᠠᠷᠪᠠᠨ ᠠᠯᠬᠤᠮ ᠤᠷᠤᠭᠰᠢᠯᠠᠭᠤᠯᠬᠤ ᠨᠢ ᠠᠮᠠᠷᠬᠠᠨ᠃ ᠲᠡᠭᠡᠬᠦ ᠦᠭᠡᠢ᠂ ᠬᠠᠷᠢᠨ ᠰᠡᠭᠦᠳᠡᠷ ᠢ ᠠᠷᠪᠠᠨ ᠠᠯᠬᠤᠮ ᠤᠬᠤᠷᠢᠭᠤᠯᠤᠭ》 ᠭᠡᠵᠦ ᠬᠡᠯᠡᠵᠡᠢ᠃ 11 ᠡᠰᠢ ᠦᠵᠡᠭᠦᠯᠦᠭᠴᠢ ᠢᠰᠠᠢᠶ᠎ᠠ ᠶᠣᠬᠣᠸᠠ ᠶᠢ ᠳᠠᠭᠤᠳᠠᠨ ᠭᠤᠶᠤᠬᠤ ᠳᠤ᠂ ᠶᠣᠬᠣᠸᠠ ᠠᠬᠠᠽ ᠤᠨ ᠱᠠᠲᠤ ᠪᠠᠷ ᠥᠩᠭᠡᠷᠡᠨ ᠪᠠᠭᠤᠭᠰᠠᠨ ᠰᠡᠭᠦᠳᠡᠷ ᠢ ᠠᠷᠪᠠᠨ ᠠᠯᠬᠤᠮ ᠤᠬᠤᠷᠢᠭᠤᠯᠪᠠ᠃
ᠡᠯᠴᠢᠳ ᠲᠤ ᠦᠵᠡᠭᠦᠯᠦᠭᠰᠡᠨ ᠡᠷᠳᠡᠨᠢᠰ
12 ᠲᠡᠷᠡ ᠦᠶ᠎ᠡ ᠳᠦ ᠾᠧᠽᠧᠺᠢᠶ᠎ᠠ ᠶᠢᠨ ᠡᠪᠡᠳᠴᠢᠨ ᠲᠡᠢ ᠪᠠᠢᠭᠰᠠᠨ ᠢ ᠪᠠᠪᠢᠯᠣᠨ ᠤ ᠬᠠᠭᠠᠨ ᠪᠠᠯᠠᠳᠠᠨ ᠤ ᠬᠦᠦ ᠪᠧᠷᠣᠳᠠᠭ ᠪᠠᠯᠠᠳᠠᠨ ᠳᠤᠭᠤᠯᠤᠭᠠᠳ᠂ ᠲᠡᠭᠦᠨ ᠳᠦ ᠵᠠᠬᠢᠳᠠᠯ ᠪᠠ ᠪᠡᠯᠡᠭ ᠢᠯᠡᠭᠡᠪᠡ᠃ 13 ᠾᠧᠽᠧᠺᠢᠶ᠎ᠠ ᠡᠯᠴᠢᠳ ᠢ ᠬᠦᠯᠢᠶᠡᠨ ᠠᠪᠤᠭᠰᠠᠨ ᠪᠥᠭᠡᠳ ᠲᠡᠳᠡᠨ ᠳᠦ ᠮᠥᠩᠭᠥ᠂ ᠠᠯᠲᠠ᠂ ᠠᠩᠬᠢᠯᠤᠮ᠎ᠠ ᠦᠨᠦᠷᠲᠡᠨ᠂ ᠦᠨᠡᠲᠦ ᠲᠣᠰᠣ ᠵᠡᠷᠭᠡ ᠦᠨᠡᠲᠦ ᠵᠦᠢᠯᠡᠰ ᠦᠨ ᠬᠥᠮᠥᠷᠭᠡ᠂ ᠵᠡᠪᠰᠡᠭ ᠦᠨ ᠬᠥᠮᠥᠷᠭᠡ ᠪᠣᠯᠣᠨ ᠬᠠᠳᠠᠭᠠᠯᠠᠬᠤ ᠭᠠᠵᠠᠷ ᠲᠤ ᠪᠠᠢᠭ᠎ᠠ ᠪᠦᠭᠦᠳᠡ ᠪᠡᠨ ᠦᠵᠡᠭᠦᠯᠪᠡ᠃ ᠾᠧᠽᠧᠺᠢᠶ᠎ᠠ ᠢᠩᠭᠢᠵᠦ ᠥᠪᠡᠷ ᠦᠨ ᠢᠶᠠᠨ ᠣᠷᠳᠣᠨ ᠳᠤ ᠪᠠᠢᠭ᠎ᠠ᠂ ᠪᠠᠰᠠ ᠡᠵᠡᠮᠰᠢᠯ ᠳᠤ ᠪᠠᠢᠭ᠎ᠠ ᠪᠦᠬᠦᠨ ᠢᠶᠡᠨ ᠲᠡᠳᠡᠨ ᠳᠦ ᠦᠯᠡᠳᠡᠭᠡᠯ ᠦᠭᠡᠢ ᠦᠵᠡᠭᠦᠯᠵᠡᠢ᠃ 14 ᠡᠰᠢ ᠦᠵᠡᠭᠦᠯᠦᠭᠴᠢ ᠢᠰᠠᠢᠶ᠎ᠠ ᠾᠧᠽᠧᠺᠢᠶ᠎ᠠ ᠬᠠᠭᠠᠨ ᠤᠷᠤᠭᠤ ᠢᠷᠡᠵᠦ᠄ 《ᠡᠨᠡ ᠬᠥᠮᠦᠰ ᠶᠠᠭᠤ ᠶᠠᠷᠢᠭᠰᠠᠨ ᠪᠤᠢ︖ ᠲᠡᠳᠡ ᠬᠠᠮᠢᠭ᠎ᠠ ᠠᠴᠠ ᠲᠠᠨ ᠢ ᠵᠣᠷᠢᠵᠤ ᠢᠷᠡᠪᠡ︖》 ᠭᠡᠵᠦ ᠠᠰᠠᠭᠤᠬᠤ ᠳᠤ᠂ ᠾᠧᠽᠧᠺᠢᠶ᠎ᠠ᠄ 《ᠲᠡᠳᠡ ᠠᠯᠤᠰ ᠬᠣᠯᠠ ᠶᠢᠨ ᠣᠷᠣᠨ᠂ ᠪᠠᠪᠢᠯᠣᠨ ᠠᠴᠠ ᠢᠷᠡᠭᠰᠡᠨ》 ᠭᠡᠵᠦ ᠬᠠᠷᠢᠭᠤᠯᠪᠠ᠃ 15 ᠢᠰᠠᠢᠶ᠎ᠠ᠄ 《ᠲᠡᠳᠡ ᠲᠠᠨ ᠤ ᠣᠷᠳᠣᠨ ᠳᠤ ᠶᠠᠭᠤ ᠦᠵᠡᠪᠡ︖》 ᠭᠡᠬᠦ ᠳᠦ᠂ ᠾᠧᠽᠧᠺᠢᠶ᠎ᠠ᠄ 《ᠲᠡᠳᠡ ᠮᠠᠨ ᠤ ᠣᠷᠳᠣᠨ ᠳᠤ ᠪᠠᠢᠭ᠎ᠠ ᠪᠦᠬᠦᠨ ᠢ ᠦᠵᠡᠭᠰᠡᠨ᠃ ᠪᠢ ᠬᠥᠮᠥᠷᠭᠡ ᠲᠡᠭᠡᠨ ᠪᠠᠢᠭ᠎ᠠ ᠪᠦᠬᠦᠨ ᠢ ᠦᠯᠡᠳᠡᠭᠡᠯ ᠦᠭᠡᠢ ᠲᠡᠳᠡᠨ ᠳᠦ ᠦᠵᠡᠭᠦᠯᠦᠭᠰᠡᠨ》 ᠭᠡᠪᠡ᠃
16 ᠢᠰᠠᠢᠶ᠎ᠠ ᠾᠧᠽᠧᠺᠢᠶ᠎ᠠ ᠳᠤ᠄ 《ᠲᠠ ᠶᠣᠬᠣᠸᠠ ᠶᠢᠨ ᠦᠭᠡ ᠶᠢ ᠰᠣᠨᠣᠰᠣᠭᠲᠤᠨ᠄ 17 ᠶᠣᠬᠣᠸᠠ᠄ 〈ᠬᠠᠷ᠎ᠠ᠂ ᠴᠢᠨᠦ ᠣᠷᠳᠣᠨ ᠳᠤ ᠪᠠᠢᠭ᠎ᠠ ᠪᠦᠬᠦᠨ᠂ ᠴᠢᠨᠦ ᠡᠴᠢᠭᠡ ᠡᠪᠦᠭᠡᠳ ᠦᠨ ᠥᠨᠥᠳᠥᠷ ᠬᠦᠷᠲᠡᠯ᠎ᠡ ᠴᠤᠭᠯᠠᠭᠤᠯᠤᠭᠰᠠᠨ ᠪᠦᠬᠦᠨ ᠢ ᠪᠠᠪᠢᠯᠣᠨ ᠤᠷᠤᠭᠤ ᠵᠥᠭᠡᠭᠡᠬᠦ ᠡᠳᠦᠷ ᠤᠳ ᠢᠷᠡᠵᠦ ᠪᠠᠢᠨ᠎ᠠ᠂ ᠲᠡᠷᠡ ᠦᠶ᠎ᠡ ᠳᠦ ᠶᠠᠭᠤ ᠴᠤ ᠦᠯᠡᠳᠡᠬᠦ ᠦᠭᠡᠢ〉 ᠭᠡᠵᠦ ᠠᠢᠯᠠᠳᠤᠨ᠂ 18 ᠪᠠᠰᠠ 〈ᠲᠠᠨ ᠠᠴᠠ ᠲᠥᠷᠥᠬᠦ ᠶᠠᠰᠤ ᠮᠢᠬᠠᠨ ᠤ ᠲᠠᠰᠤᠷᠬᠠᠢ ᠪᠣᠯᠬᠤ ᠦᠷ᠎ᠡ ᠤᠳᠤᠮ ᠤᠨ ᠴᠢᠨᠢ ᠵᠠᠷᠢᠮ ᠨᠢ ᠴᠥᠯᠡᠭᠳᠡᠵᠦ᠂ ᠪᠠᠪᠢᠯᠣᠨ ᠤ ᠬᠠᠭᠠᠨ ᠤ ᠣᠷᠳᠣᠨ ᠳᠤ ᠲᠠᠢᠭᠠᠨ ᠪᠣᠯᠣᠨ᠎ᠠ〉》 ᠭᠡᠬᠦ ᠳᠦ᠂ 19 ᠾᠧᠽᠧᠺᠢᠶ᠎ᠠ ᠢᠰᠠᠢᠶ᠎ᠠ ᠳᠤ᠄ 《ᠲᠠᠨ ᠢᠶᠠᠷ ᠬᠡᠯᠡᠭᠦᠯᠦᠭᠰᠡᠨ ᠶᠣᠬᠣᠸᠠ ᠶᠢᠨ ᠦᠭᠡ ᠰᠠᠢᠨ ᠶᠤᠮ》 ᠭᠡᠪᠡ᠃ ᠲᠡᠷᠡ᠄ 《ᠮᠢᠨᠦ ᠡᠳᠦᠷ ᠤᠳ ᠲᠤ ᠯᠠ ᠠᠮᠤᠷ ᠠᠮᠤᠭᠤᠯᠠᠩ᠂ ᠲᠣᠭᠲᠠᠭᠤᠨ ᠪᠠᠢᠪᠠᠯ ᠰᠠᠢᠨ ᠪᠢᠰᠢ ᠤᠤ︖》 ᠭᠡᠵᠦ ᠪᠣᠳᠣᠵᠠᠢ᠃
20 ᠾᠧᠽᠧᠺᠢᠶ᠎ᠠ ᠶᠢᠨ ᠪᠤᠰᠤᠳ ᠶᠠᠪᠤᠳᠠᠯ᠂ ᠲᠡᠭᠦᠨ ᠦ ᠡᠷᠬᠡ ᠮᠡᠳᠡᠯ ᠬᠢᠭᠡᠳ ᠴᠥᠭᠥᠷᠥᠮ ᠪᠣᠯᠣᠨ ᠲᠦᠭᠡᠭᠡᠯ ᠤᠰᠤᠨ ᠤ ᠬᠣᠭᠣᠯᠠᠢ ᠪᠠᠢᠭᠤᠯᠵᠤ᠂ ᠬᠣᠲᠠ ᠤᠷᠤᠭᠤ ᠤᠰᠤ ᠲᠠᠲᠠᠭᠰᠠᠨ ᠵᠡᠷᠭᠡ ᠨᠢ ᠶᠦᠳᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 21 ᠾᠧᠽᠧᠺᠢᠶ᠎ᠠ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠵᠤ᠂ ᠬᠦᠦ ᠮᠠᠨᠠᠰᠧ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃