ᠬᠠᠭᠠᠳ ᠤᠨ ᠳᠡᠳ᠋ ᠬᠣᠶᠠᠷ
ᠧᠯᠢᠶ᠎ᠠ ᠲᠩᠷᠢ ᠳᠤ ᠠᠪᠠᠴᠢᠭᠳᠠᠪᠠ
1 ᠶᠣᠬᠣᠸᠠ ᠧᠯᠢᠶ᠎ᠠ ᠶᠢ ᠬᠤᠢ ᠰᠠᠯᠬᠢ ᠪᠠᠷ ᠲᠩᠷᠢ ᠥᠭᠡᠳᠡ ᠠᠪᠠᠴᠢᠬᠤ ᠭᠡᠵᠦ ᠪᠠᠢᠬᠤ ᠦᠶᠡᠰ᠂ ᠧᠯᠢᠶ᠎ᠠ ᠡᠯᠢᠱᠠ ᠲᠠᠢ ᠬᠠᠮᠲᠤ ᠭᠢᠯᠭᠠᠯ ᠠᠴᠠ ᠭᠠᠷᠴᠤ ᠶᠠᠪᠤᠪᠠ᠃ 2 ᠧᠯᠢᠶ᠎ᠠ ᠡᠯᠢᠱᠠ ᠳᠤ᠄ 《ᠴᠢ ᠡ᠊ᠨᠳᠡ ᠪᠠᠢᠵᠤ ᠪᠠᠢᠭᠠᠷᠠᠢ᠃ ᠶᠣᠬᠣᠸᠠ ᠨᠠᠮᠠᠶᠢ ᠪᠧᠲ᠋ᠧᠯ ᠤᠷᠤᠭᠤ ᠶᠠᠪᠤ ᠭᠡᠰᠡᠨ ᠶᠤᠮ》 ᠭᠡᠬᠦ ᠳᠦ᠂ ᠡᠯᠢᠱᠠ᠄ 《ᠶᠣᠬᠣᠸᠠ ᠶᠢᠨ ᠠᠮᠢᠳᠤ ᠪᠣᠯᠣᠨ ᠲᠠᠨ ᠤ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠲᠠᠨ ᠠᠴᠠ ᠶᠠᠭᠠᠬᠢᠭᠰᠠᠨ ᠴᠤ ᠰᠠᠯᠬᠤ ᠦᠭᠡᠢ》 ᠭᠡᠵᠡᠢ᠃ ᠲᠡᠳᠡ ᠪᠧᠲ᠋ᠧᠯ ᠤᠷᠤᠭᠤ ᠶᠠᠪᠤᠯ᠎ᠠ᠃ 3 ᠪᠧᠲ᠋ᠧᠯ ᠳᠠᠬᠢ ᠡᠰᠢ ᠦᠵᠡᠭᠦᠯᠦᠭᠴᠢ ᠱᠠᠪᠢ ᠨᠠᠷ ᠡᠯᠢᠱᠠ ᠤᠷᠤᠭᠤ ᠭᠠᠷᠴᠤ ᠢᠷᠡᠭᠡᠳ᠄ 《ᠶᠣᠬᠣᠸᠠ ᠥᠨᠥᠳᠥᠷ ᠲᠠᠨ ᠤ ᠪᠠᠭᠰᠢ ᠶᠢ ᠲᠠᠨ ᠤ ᠳᠡᠭᠡᠷ᠎ᠡ ᠡᠴᠡ ᠠᠪᠠᠴᠢᠬᠤ ᠭᠡᠵᠦ ᠪᠠᠢᠭ᠎ᠠ ᠶᠢ ᠲᠠ ᠮᠡᠳᠡᠨ᠎ᠡ ᠤᠤ︖》 ᠭᠡᠬᠦ ᠳᠦ᠂ ᠲᠡᠷᠡ᠄ 《ᠪᠢ ᠮᠡᠳᠡᠨ᠎ᠡ᠂ ᠲᠠ ᠨᠠᠷ ᠳᠠᠭᠤ ᠦᠭᠡᠢ ᠪᠠᠢ》 ᠭᠡᠯᠡ᠃
4 ᠧᠯᠢᠶ᠎ᠠ ᠲᠡᠭᠦᠨ ᠳᠦ᠄ 《ᠡᠯᠢᠱᠠ ᠴᠢ ᠡ᠊ᠨᠳᠡ ᠪᠠᠢᠵᠤ ᠪᠠᠢᠭᠠᠷᠠᠢ᠃ ᠶᠣᠬᠣᠸᠠ ᠨᠠᠮᠠᠶᠢ ᠶᠧᠷᠢᠺᠣ ᠤᠷᠤᠭᠤ ᠶᠠᠪᠤ ᠭᠡᠰᠡᠨ ᠶᠤᠮ》 ᠭᠡᠬᠦ ᠳᠦ᠂ ᠡᠯᠢᠱᠠ᠄ 《ᠶᠣᠬᠣᠸᠠ ᠶᠢᠨ ᠠᠮᠢᠳᠤ ᠪᠣᠯᠣᠨ ᠲᠠᠨ ᠤ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠲᠠᠨ ᠠᠴᠠ ᠶᠠᠭᠠᠬᠢᠭᠰᠠᠨ ᠴᠤ ᠰᠠᠯᠬᠤ ᠦᠭᠡᠢ》 ᠭᠡᠵᠡᠢ᠃ ᠲᠡᠳᠡ ᠶᠧᠷᠢᠺᠣ ᠳᠤ ᠣᠷᠣᠯ᠎ᠠ᠃ 5 ᠶᠧᠷᠢᠺᠣ ᠳᠠᠬᠢ ᠡᠰᠢ ᠦᠵᠡᠭᠦᠯᠦᠭᠴᠢ ᠱᠠᠪᠢ ᠨᠠᠷ ᠡᠯᠢᠱᠠ ᠳᠤ ᠳᠥᠭᠥᠨ ᠢᠷᠡᠵᠦ᠄ 《ᠶᠣᠬᠣᠸᠠ ᠥᠨᠥᠳᠥᠷ ᠲᠠᠨ ᠤ ᠪᠠᠭᠰᠢ ᠶᠢ ᠲᠠᠨ ᠤ ᠳᠡᠭᠡᠷ᠎ᠡ ᠡᠴᠡ ᠠᠪᠠᠴᠢᠬᠤ ᠭᠡᠵᠦ ᠪᠤᠢ ᠶᠢ ᠲᠠ ᠮᠡᠳᠡᠨ᠎ᠡ ᠤᠤ︖》 ᠭᠡᠵᠦ ᠠᠰᠠᠭᠤᠬᠤ ᠳᠤ᠂ ᠲᠡᠷᠡ᠄ 《ᠪᠢ ᠮᠡᠳᠡᠨ᠎ᠡ᠂ ᠲᠠ ᠨᠠᠷ ᠳᠠᠭᠤ ᠦᠭᠡᠢ ᠪᠠᠢ》 ᠭᠡᠯᠡ᠃
6 ᠧᠯᠢᠶ᠎ᠠ ᠲᠡᠭᠦᠨ ᠳᠦ᠄ 《ᠴᠢ ᠡ᠊ᠨᠳᠡ ᠪᠠᠢᠵᠤ ᠪᠠᠢᠭᠠᠷᠠᠢ᠃ ᠶᠣᠬᠣᠸᠠ ᠨᠠᠮᠠᠶᠢ ᠶᠣᠷᠳᠠᠨ ᠤᠷᠤᠭᠤ ᠶᠠᠪᠤ ᠭᠡᠰᠡᠨ ᠶᠤᠮ》 ᠭᠡᠬᠦ ᠳᠦ᠂ ᠡᠯᠢᠱᠠ᠄ 《ᠶᠣᠬᠣᠸᠠ ᠶᠢᠨ ᠠᠮᠢᠳᠤ ᠪᠣᠯᠣᠨ ᠲᠠᠨ ᠤ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠲᠠᠨ ᠠᠴᠠ ᠶᠠᠭᠠᠬᠢᠭᠰᠠᠨ ᠴᠤ ᠰᠠᠯᠬᠤ ᠦᠭᠡᠢ》 ᠭᠡᠪᠡ᠃ ᠲᠡᠳᠡ ᠬᠣᠶᠠᠭᠤᠯᠠ ᠴᠠᠰᠢ ᠶᠠᠪᠤᠯ᠎ᠠ᠃ 7 ᠡᠰᠢ ᠦᠵᠡᠭᠦᠯᠦᠭᠴᠢ ᠱᠠᠪᠢ ᠨᠠᠷ ᠠᠴᠠ ᠴᠤ ᠲᠠᠪᠢᠨ ᠬᠥᠮᠦᠨ ᠶᠠᠪᠤᠪᠠ᠃ ᠲᠡᠳᠡ ᠶᠣᠷᠳᠠᠨ ᠤ ᠬᠥᠪᠡᠭᠡᠨ ᠳᠦ ᠵᠣᠭᠰᠣᠭᠰᠠᠨ ᠧᠯᠢᠶ᠎ᠠ ᠪᠣᠯᠣᠨ ᠡᠯᠢᠱᠠ ᠶᠢᠨ ᠬᠠᠷᠠᠯᠳᠤᠭ᠎ᠠ ᠵᠠᠢᠳᠠᠭᠤᠬᠠᠨ ᠵᠣᠭᠰᠣᠯ᠎ᠠ᠃ 8 ᠧᠯᠢᠶ᠎ᠠ ᠳᠡᠪᠡᠯ ᠢᠶᠡᠨ ᠲᠠᠢᠯᠵᠤ ᠡᠪᠬᠡᠭᠡᠳ ᠲᠡᠭᠦᠨ ᠢᠶᠡᠷ ᠢᠶᠠᠨ ᠤᠰᠤ ᠶᠢ ᠴᠣᠬᠢᠬᠤ ᠳᠤ᠂ ᠤᠰᠤ ᠬᠣᠶᠠᠷ ᠲᠡᠰᠢ ᠬᠤᠪᠢᠶᠠᠭᠳᠠᠵᠤ᠂ ᠲᠡᠳᠡ ᠬᠣᠶᠠᠭᠤᠯᠠ ᠬᠠᠭᠤᠷᠠᠢ ᠭᠠᠵᠠᠷ ᠢᠶᠠᠷ ᠭᠠᠲᠤᠯᠤᠯᠠ᠃
9 ᠲᠡᠳᠡ ᠭᠠᠲᠤᠯᠤᠭᠰᠠᠨ ᠤ ᠪᠠᠨ ᠳᠠᠷᠠᠭ᠎ᠠ ᠧᠯᠢᠶ᠎ᠠ ᠡᠯᠢᠱᠠ ᠳᠤ᠄ 《ᠶᠣᠬᠣᠸᠠ ᠨᠠᠮᠠᠶᠢ ᠴᠢᠮ᠎ᠠ ᠠᠴᠠ ᠠᠪᠠᠴᠢᠬᠤ ᠠᠴᠠ ᠡᠮᠦᠨ᠎ᠡ ᠪᠢ ᠴᠢᠨᠦ ᠲᠥᠯᠥᠭᠡ ᠶᠠᠭᠤ ᠬᠢᠵᠦ ᠥᠭᠬᠦ ᠪᠤᠢ︖ ᠨᠠᠳᠠ ᠠᠴᠠ ᠭᠤᠶᠤᠭᠲᠤᠨ》 ᠭᠡᠯᠡ᠃ ᠡᠯᠢᠱᠠ᠄ 《ᠲᠠᠨ ᠤ ᠰᠦᠨᠡᠰᠦ ᠳᠠᠬᠢᠨ ᠢᠯᠡᠭᠦᠦ ᠪᠡᠷ ᠨᠠᠳᠠ ᠳᠡᠭᠡᠷ᠎ᠡ ᠪᠠᠢᠬᠤ ᠶᠢ ᠬᠦᠰᠡᠶ᠎ᠡ》 ᠭᠡᠬᠦ ᠳᠦ᠂ 10 ᠲᠡᠷᠡ᠄ 《ᠴᠢ ᠬᠡᠴᠡᠭᠦᠦ ᠶᠠᠭᠤᠮ᠎ᠠ ᠭᠤᠶᠤᠵᠠᠢ᠃ ᠬᠠᠷᠢᠨ ᠴᠢᠮ᠎ᠠ ᠠᠴᠠ ᠠᠪᠠᠴᠢᠭᠳᠠᠵᠤ ᠪᠠᠢᠬᠤ ᠶᠢ ᠮᠢᠨᠢ ᠴᠢ ᠣᠯᠵᠤ ᠬᠠᠷᠠᠪᠠᠯ ᠴᠢᠮ᠎ᠠ ᠳᠤ ᠲᠡᠢᠨ ᠬᠦ ᠪᠡᠶᠡᠯᠡᠨ᠎ᠡ᠃ ᠡᠰᠡ ᠲᠡᠭᠡᠪᠡᠯ ᠪᠡᠶᠡᠯᠡᠭᠳᠡᠬᠦ ᠦᠭᠡᠢ》 ᠭᠡᠪᠡ᠃ 11 ᠲᠡᠳᠡ ᠶᠠᠷᠢᠯᠴᠠᠨ ᠶᠠᠪᠤᠵᠤ ᠪᠠᠢᠯ᠎ᠠ᠂ ᠬᠠᠷᠠᠭᠲᠤᠨ᠂ ᠭᠠᠯ ᠲᠠᠢ ᠲᠡᠷᠭᠡ ᠪᠣᠯᠣᠨ ᠭᠠᠯ ᠲᠠᠢ ᠮᠣᠷᠢᠳ ᠦᠵᠡᠭᠳᠡᠵᠦ ᠲᠡᠷᠡ ᠬᠣᠶᠠᠷ ᠢ ᠰᠠᠯᠭᠠᠭᠰᠠᠨ ᠪᠥᠭᠡᠳ ᠧᠯᠢᠶ᠎ᠠ ᠬᠤᠢ ᠰᠠᠯᠬᠢ ᠪᠠᠷ ᠲᠩᠷᠢ ᠥᠭᠡᠳᠡ ᠭᠠᠷᠴᠠᠢ︕ 12 ᠡᠯᠢᠱᠠ ᠡᠭᠦᠨ ᠢ ᠬᠠᠷᠠᠭᠠᠳ᠄ 《ᠠᠪᠤ ᠮᠢᠨᠢ᠂ ᠠᠪᠤ ᠮᠢᠨᠢ᠂ ᠢᠰᠷᠧᠯ ᠤᠨ ᠲᠡᠷᠭᠡ᠂ ᠮᠣᠷᠢᠲᠠᠨ ᠨᠤᠭᠤᠳ ᠢᠶᠠᠨ︕》 ᠭᠡᠵᠦ ᠬᠠᠰᠬᠢᠷᠪᠠ᠃ ᠲᠡᠷᠡ ᠪᠡᠷ ᠧᠯᠢᠶ᠎ᠠ ᠶᠢ ᠳᠠᠬᠢᠨ ᠬᠠᠷᠠᠵᠤ ᠴᠢᠳᠠᠬᠤ ᠦᠭᠡᠢ ᠪᠣᠯᠣᠭᠰᠠᠨ ᠢᠶᠠᠷ ᠥᠪᠡᠷ ᠦᠨ ᠢᠶᠠᠨ ᠬᠤᠪᠴᠠᠰᠤ ᠠᠴᠠ ᠪᠠᠵᠠᠭᠳᠠᠨ ᠬᠣᠶᠠᠷ ᠬᠡᠰᠡᠭ ᠪᠣᠯᠭᠠᠨ ᠤᠷᠠᠪᠠ᠃
ᠧᠯᠢᠶ᠎ᠠ ᠶᠢᠨ ᠵᠠᠯᠭᠠᠮᠵᠢᠯᠠᠭᠴᠢ ᠡᠯᠢᠱᠠ
13 ᠲᠡᠷᠡ ᠮᠥᠨ ᠧᠯᠢᠶ᠎ᠠ ᠶᠢᠨ ᠤᠨᠠᠭᠠᠭᠰᠠᠨ ᠳᠡᠪᠡᠯ ᠢ ᠠᠪᠴᠤ᠂ ᠶᠣᠷᠳᠠᠨ ᠳᠤ ᠪᠤᠴᠠᠵᠤ ᠢᠷᠡᠭᠡᠳ ᠬᠥᠪᠡᠭᠡᠨ ᠳᠦᠨᠢ ᠵᠣᠭᠰᠣᠵᠤ᠂ 14 ᠧᠯᠢᠶ᠎ᠠ ᠶᠢᠨ ᠤᠨᠠᠭᠠᠭᠰᠠᠨ ᠳᠡᠪᠡᠯ ᠢᠶᠡᠷ ᠤᠰᠤ ᠶᠢ ᠴᠣᠬᠢᠵᠤ᠄ 《ᠧᠯᠢᠶ᠎ᠠ ᠶᠢᠨ ᠪᠤᠷᠬᠠᠨ ᠪᠣᠯᠣᠭᠰᠠᠨ ᠶᠣᠬᠣᠸᠠ ᠣᠳᠣ ᠬᠠᠮᠢᠭ᠎ᠠ ᠪᠠᠢᠨ᠎ᠠ ᠪᠤᠢ︖》 ᠭᠡᠵᠡᠢ᠃ ᠲᠡᠷᠡ ᠪᠠᠰᠠ ᠤᠰᠤ ᠶᠢ ᠴᠣᠬᠢᠬᠤ ᠳᠤ᠂ ᠤᠰᠤ ᠬᠣᠶᠠᠷ ᠲᠡᠰᠢ ᠬᠤᠪᠢᠶᠠᠭᠳᠠᠵᠤ ᠡᠯᠢᠱᠠ ᠭᠠᠲᠤᠯᠤᠯᠠ᠃
15 ᠭᠣᠣᠯ ᠤᠨ ᠴᠠᠭᠠᠨᠠᠬᠢ ᠶᠧᠷᠢᠺᠣ ᠳᠠᠬᠢ ᠡᠰᠢ ᠦᠵᠡᠭᠦᠯᠦᠭᠴᠢ ᠱᠠᠪᠢ ᠨᠠᠷ ᠲᠡᠭᠦᠨ ᠢ ᠬᠣᠯᠠ ᠠᠴᠠ ᠬᠠᠷᠠᠭᠠᠳ᠄ 《ᠧᠯᠢᠶ᠎ᠠ ᠶᠢᠨ ᠰᠦᠨᠡᠰᠦ ᠡᠯᠢᠱᠠ ᠳᠡᠭᠡᠷ᠎ᠡ ᠲᠣᠭᠲᠠᠵᠠᠢ》 ᠬᠡᠮᠡᠨ ᠲᠡᠭᠦᠨ ᠲᠡᠢ ᠠᠭᠤᠯᠵᠠᠬᠤ ᠪᠠᠷ ᠢᠷᠡᠨ᠂ ᠲᠡᠭᠦᠨ ᠦ ᠡᠮᠦᠨ᠎ᠡ ᠭᠠᠵᠠᠷ ᠲᠤ ᠰᠥᠬᠥᠷᠡᠪᠡ᠃ 16 ᠲᠡᠳᠡ᠄ 《ᠬᠠᠷ᠎ᠠ᠂ ᠵᠠᠷᠤᠴᠠ ᠪᠢᠳᠡ ᠨᠠᠷ ᠲᠠᠢ ᠴᠢᠨᠢ ᠬᠠᠮᠲᠤ ᠲᠠᠪᠢᠨ ᠬᠦᠴᠦᠲᠦ ᠡᠷ᠎ᠡ ᠪᠠᠢᠨ᠎ᠠ᠃ ᠲᠡᠳᠡᠨ ᠳᠦ ᠲᠠᠨ ᠤ ᠡᠵᠡᠨ ᠢ ᠬᠠᠢᠬᠤ ᠪᠠᠷ ᠶᠠᠪᠤᠬᠤ ᠶᠢ ᠵᠥᠪᠰᠢᠶᠡᠷᠡᠭᠡᠴᠢ᠃ ᠶᠣᠬᠣᠸᠠ ᠶᠢᠨ ᠰᠦᠨᠡᠰᠦ ᠲᠡᠭᠦᠨ ᠢ ᠡᠷᠭᠦᠨ ᠶᠠᠪᠤᠭᠠᠳ ᠠᠯᠢ ᠨᠢᠭᠡ ᠠᠭᠤᠯᠠᠨ ᠳᠡᠭᠡᠷ᠎ᠡ᠂ ᠡᠰᠡᠪᠡᠯ ᠠᠯᠢ ᠨᠢᠭᠡ ᠬᠥᠨᠳᠡᠢ ᠳᠦ ᠬᠠᠶᠠᠭᠰᠠᠨ ᠪᠠᠢᠵᠤ ᠮᠠᠭᠠᠳ ᠦᠭᠡᠢ》 ᠭᠡᠯᠡ᠃ ᠡᠯᠢᠱᠠ᠄ 《ᠶᠠᠪᠤᠭᠤᠯᠬᠤ ᠬᠡᠷᠡᠭ ᠦᠭᠡᠢ》 ᠭᠡᠰᠡᠨ ᠪᠣᠯᠪᠠᠴᠤ 17 ᠲᠡᠳᠡ ᠲᠡᠭᠦᠨ ᠢ ᠢᠴᠢᠩᠭᠦᠷᠡᠲᠡᠯᠡ ᠱᠠᠯᠠᠬᠤ ᠳᠤ᠂ ᠲᠡᠷᠡ᠄ 《ᠲᠡᠭᠡᠪᠡᠯ ᠶᠠᠪᠤᠭᠤᠯ ᠳᠠ》 ᠭᠡᠵᠦ ᠬᠡᠯᠡᠯ᠎ᠡ᠃ ᠲᠡᠳᠡ ᠲᠠᠪᠢᠨ ᠡᠷ᠎ᠡ ᠶᠢ ᠶᠠᠪᠤᠭᠤᠯᠵᠤ ᠭᠤᠷᠪᠠᠨ ᠡᠳᠦᠷ ᠬᠠᠢᠭᠰᠠᠨ ᠪᠣᠯᠪᠠᠴᠤ ᠲᠡᠭᠦᠨ ᠢ ᠣᠯᠣᠭᠰᠠᠨ ᠦᠭᠡᠢ᠂ 18 ᠶᠧᠷᠢᠺᠣ ᠳᠤ ᠪᠠᠢᠭᠰᠠᠨ ᠡᠯᠢᠱᠠ ᠤᠷᠤᠭᠤ ᠪᠤᠴᠠᠵᠤ ᠢᠷᠡᠵᠡᠢ᠃ ᠡᠯᠢᠱᠠ ᠲᠡᠳᠡᠨ ᠳᠦ᠄ 《ᠶᠠᠪᠤᠬᠤ ᠬᠡᠷᠡᠭ ᠦᠭᠡᠢ ᠭᠡᠵᠦ ᠪᠢ ᠬᠡᠯᠡᠭᠰᠡᠨ ᠪᠢᠰᠢ ᠤᠤ︖》 ᠭᠡᠪᠡ᠃
19 ᠲᠡᠷᠡ ᠬᠣᠲᠠ ᠶᠢᠨ ᠬᠢᠨ ᠡᠯᠢᠱᠠ ᠳᠤ᠄ 《ᠡᠵᠡᠨᠲᠡᠨ ᠮᠢᠨᠢ᠂ ᠬᠠᠷᠠᠭᠠᠴᠢ᠂ ᠲᠠᠨ ᠤ ᠬᠠᠷᠠᠵᠤ ᠪᠠᠢᠭ᠎ᠠ ᠲᠠᠢ ᠠᠳᠠᠯᠢ ᠪᠠᠷ ᠮᠠᠨ ᠤ ᠬᠣᠲᠠ ᠪᠠᠢᠷᠢᠰᠢᠯ ᠰᠠᠢᠲᠠᠢ ᠪᠣᠯᠪᠠᠴᠤ ᠤᠰᠤ ᠮᠠᠭᠤ ᠪᠥᠭᠡᠳ ᠭᠠᠵᠠᠷ ᠨᠢ ᠦᠷᠡᠵᠢᠯ ᠰᠢᠮ᠎ᠡ 1 ᠦᠭᠡᠢ ᠶᠤᠮ》 ᠭᠡᠪᠡ᠃ 20 ᠡᠯᠢᠱᠠ᠄ 《ᠰᠢᠨ᠎ᠡ ᠰᠠᠪᠠᠨ ᠳᠤ ᠳᠠᠪᠤᠰᠤ ᠬᠢᠭᠡᠳ ᠠᠪᠤᠭᠠᠳ ᠢᠷ᠎ᠡ》 ᠭᠡᠰᠡᠨ ᠳᠦ᠂ ᠲᠡᠳᠡ ᠠᠪᠴᠢᠷᠠᠯ᠎ᠠ᠃ 21 ᠲᠡᠷᠡ ᠪᠡᠷ ᠪᠤᠯᠠᠭ ᠤᠨ ᠡᠬᠢ ᠤᠷᠤᠭᠤ ᠣᠴᠢᠨ᠂ ᠲᠡᠰᠢ ᠪᠠᠨ ᠳᠠᠪᠤᠰᠤ ᠪᠠᠨ ᠰᠠᠴᠤᠭᠠᠳ᠄ 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠢ ᠡᠨᠡ ᠤᠰᠤ ᠶᠢ ᠴᠡᠪᠡᠷᠰᠢᠭᠦᠯᠦᠭᠰᠡᠨ 2 ᠶᠤᠮ᠃ ᠡ᠊ᠨᠳᠡ ᠡᠴᠡ ᠳᠠᠬᠢᠭᠠᠳ ᠦᠬᠦᠯ ᠪᠤᠶᠤ ᠦᠷ᠎ᠡ ᠦᠭᠡᠶᠢᠳᠡᠯ ᠭᠠᠷᠬᠤ ᠦᠭᠡᠢ ᠪᠣᠯᠣᠨ᠎ᠠ〉》 ᠭᠡᠰᠡᠨ ᠢᠶᠡᠷ 22 ᠡᠯᠢᠱᠠ ᠶᠢᠨ ᠬᠡᠯᠡᠭᠰᠡᠨ ᠶᠣᠰᠣᠭᠠᠷ ᠲᠡᠨᠳᠡᠬᠢ ᠶᠢᠨ ᠤᠰᠤ ᠴᠡᠪᠡᠷᠰᠢᠭᠰᠡᠨ ᠪᠥᠭᠡᠳ ᠥᠨᠥᠳᠥᠷ ᠬᠦᠷᠲᠡᠯ᠎ᠡ ᠲᠡᠷᠡ ᠬᠡᠪ ᠢᠶᠡᠷ ᠢᠶᠠᠨ ᠪᠠᠢᠨ᠎ᠠ᠃
23 ᠡᠯᠢᠱᠠ ᠲᠡᠨᠳᠡ ᠡᠴᠡ ᠪᠧᠲ᠋ᠧᠯ ᠥᠭᠡᠳᠡ ᠶᠠᠪᠤᠪᠠ᠃ ᠲᠡᠷᠡ ᠵᠠᠮ ᠬᠥᠭᠡᠭᠡᠵᠦ ᠪᠠᠢᠲᠠᠯ᠎ᠠ ᠬᠣᠲᠠ ᠠᠴᠠ ᠵᠠᠯᠠᠭᠤᠰ ᠭᠠᠷᠴᠤ ᠢᠷᠡᠭᠡᠳ᠂ ᠲᠡᠭᠦᠨ ᠢ ᠳᠣᠭᠣᠭᠢᠯᠠᠨ᠄ 《ᠬᠠᠯᠵᠠᠨ ᠡ᠂ ᠳᠡᠭᠡᠭᠰᠢ ᠪᠠᠨ ᠭᠠᠷ᠃ ᠬᠠᠯᠵᠠᠨ ᠡ᠂ ᠳᠡᠭᠡᠭᠰᠢ ᠪᠠᠨ ᠭᠠᠷ》 ᠭᠡᠵᠡᠭᠡᠪᠡ᠃ 24 ᠲᠡᠷᠡ ᠠᠷᠤᠭᠰᠢ ᠪᠠᠨ ᠬᠠᠷᠠᠵᠤ᠂ ᠶᠣᠬᠣᠸᠠ ᠶᠢᠨ ᠨᠡᠷ᠎ᠡ ᠪᠡᠷ ᠲᠡᠳᠡᠨ ᠢ ᠬᠠᠷᠢᠶᠠᠭᠰᠠᠨ ᠳᠤ᠂ ᠬᠣᠶᠠᠷ ᠡᠪᠰᠢ 3 ᠣᠢ ᠠᠴᠠ ᠭᠠᠷᠴᠤ ᠢᠷᠡᠭᠡᠳ ᠲᠡᠳᠡᠨ ᠦ ᠳᠤᠮᠳᠠ ᠠᠴᠠ ᠳᠥᠴᠢᠨ ᠬᠣᠶᠠᠷ ᠵᠠᠯᠠᠭᠤ ᠶᠢ ᠲᠠᠰᠤᠳᠠᠵᠤ ᠬᠠᠶᠠᠪᠠ᠃ 25 ᠡᠯᠢᠱᠠ ᠲᠡᠨᠳᠡ ᠡᠴᠡ ᠺᠠᠷᠮᠧᠯ ᠠᠭᠤᠯᠠ ᠤᠷᠤᠭᠤ ᠶᠠᠪᠤᠵᠤ᠂ ᠳᠠᠷᠠᠭ᠎ᠠ ᠨᠢ ᠰᠠᠮᠠᠷᠢᠶ᠎ᠠ ᠤᠷᠤᠭᠤ ᠪᠤᠴᠠᠭᠰᠠᠨ ᠪᠠᠢᠯ᠎ᠠ᠃