1 2 3 4 5 6 7 8 9 10 11 12 13 14 15 16 17 18 19 20 21 22 23 24 25


ᠬᠠᠭᠠᠳ ᠤᠨ ᠳᠡᠳ᠋ ᠬᠣᠷᠢᠨ ᠳᠥᠷᠪᠡ

1 ᠶᠧᠬᠣᠢᠶᠠᠺᠢᠮ ᠤᠨ ᠡᠳᠦᠷ ᠤᠳ ᠲᠤ ᠪᠠᠪᠢᠯᠣᠨ ᠤ ᠬᠠᠭᠠᠨ ᠨᠧᠪᠦ᠋ᠺᠠᠨᠧᠽᠠᠷ ᠬᠠᠯᠳᠠᠨ ᠢᠷᠡᠪᠡ᠃ ᠶᠧᠬᠣᠢᠶᠠᠺᠢᠮ ᠭᠤᠷᠪᠠᠨ ᠵᠢᠯ ᠲᠡᠭᠦᠨ ᠳᠦ ᠵᠠᠷᠤᠴᠠᠯᠠᠭᠳᠠᠭᠰᠠᠨ ᠤ ᠳᠠᠷᠠᠭ᠎ᠠ ᠰᠠᠨᠠᠭ᠎ᠠ ᠪᠠᠨ ᠥᠭᠡᠷᠡᠴᠢᠯᠡᠵᠦ᠂ ᠲᠡᠭᠦᠨ ᠦ ᠡᠰᠡᠷᠭᠦ ᠪᠣᠰᠪᠠ᠃ 2 ᠬᠠᠷᠢᠨ ᠶᠣᠬᠣᠸᠠ ᠪᠠᠪᠢᠯᠣᠨᠴᠤᠳ᠂ ᠠᠷᠠᠮᠴᠤᠳ᠂ ᠮᠣᠶᠠᠪᠴᠤᠳ ᠪᠣᠯᠣᠨ ᠠᠮᠣᠨᠴᠤᠳ ᠤᠨ ᠳᠡᠭᠡᠷᠡᠮᠴᠢᠳ ᠢ ᠲᠡᠭᠦᠨ ᠤᠷᠤᠭᠤ ᠶᠠᠪᠤᠭᠤᠯᠪᠠ᠃ ᠶᠣᠬᠣᠸᠠ ᠲᠡᠳᠡᠨ ᠢ ᠢᠩᠭᠢᠵᠦ ᠶᠠᠪᠤᠭᠤᠯᠤᠭᠰᠠᠨ ᠨᠢ ᠥᠪᠡᠷ ᠦᠨ ᠵᠠᠷᠤᠴᠠ ᠡᠰᠢ ᠦᠵᠡᠭᠦᠯᠦᠭᠴᠢᠳ ᠢᠶᠠᠷ ᠳᠠᠮᠵᠢᠭᠤᠯᠤᠨ ᠠᠢᠯᠠᠳᠤᠭᠰᠠᠨ ᠦᠭᠡ ᠶᠢᠨ ᠢᠶᠠᠨ ᠳᠠᠭᠠᠤ ᠶᠦᠳᠠ ᠶᠢ ᠤᠰᠠᠳᠬᠠᠬᠤ ᠭᠡᠰᠡᠨ ᠶᠤᠮ᠃ 3 ᠶᠦᠳᠠ ᠳᠤ ᠡᠳᠡᠭᠡᠷ ᠶᠠᠪᠤᠳᠠᠯ ᠲᠣᠬᠢᠶᠠᠯᠳᠤᠭᠰᠠᠨ ᠨᠢ ᠶᠣᠬᠣᠸᠠ ᠦᠨᠡᠬᠡᠷ ᠲᠡᠳᠡᠨ ᠢ ᠥᠪᠡᠷ ᠦᠨ ᠢᠶᠠᠨ ᠣᠷᠣᠰᠢᠬᠤᠢ ᠠᠴᠠ ᠵᠠᠢᠯᠠᠭᠤᠯᠬᠤ ᠪᠠᠷ ᠲᠤᠰᠢᠶᠠᠭᠰᠠᠨ ᠤ ᠳᠠᠭᠠᠤ᠂ ᠮᠠᠨᠠᠰᠧ ᠶᠢᠨ ᠨᠢᠭᠦᠯ ᠤᠳ ᠪᠣᠯᠣᠨ ᠲᠡᠭᠦᠨ ᠦ ᠪᠦᠬᠦ ᠦᠢᠯᠡᠰ ᠦᠨ ᠤᠯᠠᠮ ᠠᠴᠠ᠂ 4 ᠲᠡᠭᠦᠨ ᠦ ᠤᠷᠤᠰᠬᠠᠭᠰᠠᠨ ᠭᠡᠮ ᠦᠭᠡᠢ ᠴᠢᠰᠤᠨ ᠤ ᠤᠯᠠᠮ ᠠᠴᠠ ᠡᠢᠮᠦ ᠪᠣᠯᠵᠠᠢ᠃ ᠲᠡᠷᠡ ᠪᠡᠷ ᠶᠧᠷᠦ᠋ᠰᠠᠯᠧᠮ ᠢ ᠭᠡᠮ ᠦᠭᠡᠢ ᠴᠢᠰᠤ ᠪᠠᠷ ᠳᠦᠭᠦᠷᠭᠡᠭᠰᠡᠨ ᠲᠤᠯᠠ ᠶᠣᠬᠣᠸᠠ ᠠᠭᠤᠴᠢᠯᠠᠬᠤ ᠶᠢ ᠬᠦᠰᠡᠭᠰᠡᠨ ᠦᠭᠡᠢ᠃ 5 ᠶᠧᠬᠣᠢᠶᠠᠺᠢᠮ ᠤᠨ ᠪᠤᠰᠤᠳ ᠶᠠᠪᠤᠳᠠᠯ ᠪᠣᠯᠣᠨ ᠲᠡᠭᠦᠨ ᠦ ᠬᠢᠭᠰᠡᠨ ᠪᠦᠭᠦᠳᠡ ᠶᠦᠳᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 6 ᠶᠧᠬᠣᠢᠶᠠᠺᠢᠮ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠰᠠᠨ ᠪᠥᠭᠡᠳ ᠬᠦᠦ ᠶᠧᠬᠣᠢᠶᠠᠺᠢᠨ ᠨᠢ ᠲᠡᠭᠦᠨ ᠢ ᠵᠠᠯᠭᠠᠮᠵᠢᠯᠠᠨ ᠬᠠᠭᠠᠨ ᠪᠣᠯᠵᠠᠢ᠃ 7 ᠪᠠᠪᠢᠯᠣᠨ ᠤ ᠬᠠᠭᠠᠨ ᠶᠧᠵᠢᠫᠲ ᠤᠨ ᠭᠣᠣᠯ ᠤᠨ ᠬᠥᠨᠳᠡᠢ ᠡᠴᠡ ᠡᠶᠦ᠋ᠹᠷᠠᠲ᠋ᠧᠰ ᠮᠥᠷᠡᠨ ᠬᠦᠷᠲᠡᠯᠡᠬᠢ ᠶᠧᠵᠢᠫᠲ ᠤᠨ ᠬᠠᠭᠠᠨ ᠳᠤ ᠬᠠᠷᠢᠶᠠᠯᠠᠭᠳᠠᠬᠤ ᠪᠦᠬᠦ ᠭᠠᠵᠠᠷ ᠢ ᠡᠵᠡᠯᠡᠭᠰᠡᠨ ᠤᠴᠢᠷ ᠶᠧᠵᠢᠫᠲ ᠤᠨ ᠬᠠᠭᠠᠨ ᠨᠤᠲᠤᠭ ᠠᠴᠠ ᠪᠠᠨ ᠳᠠᠬᠢᠨ ᠭᠠᠷᠴᠤ ᠴᠢᠳᠠᠭᠰᠠᠨ ᠦᠭᠡᠢ᠃

8 ᠶᠧᠬᠣᠢᠶᠠᠺᠢᠨ ᠠᠷᠪᠠᠨ ᠨᠠᠢ᠌ᠮᠠᠨ ᠨᠠᠰᠤᠲᠠᠢ ᠳᠠᠭᠠᠨ ᠬᠠᠭᠠᠨ ᠪᠣᠯᠵᠤ᠂ ᠶᠧᠷᠦ᠋ᠰᠠᠯᠧᠮ ᠳᠤ ᠭᠤᠷᠪᠠᠨ ᠰᠠᠷ᠎ᠠ ᠬᠠᠭᠠᠨᠴᠢᠯᠠᠪᠠ᠃ ᠡᠬᠡ ᠨᠢ ᠶᠧᠷᠦ᠋ᠰᠠᠯᠧᠮ ᠤᠨ ᠡᠯᠨᠠᠲ᠋ᠠᠨ ᠤ ᠥᠬᠢᠨ ᠨᠧᠾᠦ᠋ᠱᠲ᠋ᠠ ᠪᠠᠢᠪᠠ᠃ 9 ᠶᠧᠬᠣᠢᠶᠠᠺᠢᠨ ᠡᠴᠢᠭᠡ ᠶᠢᠨ ᠢᠶᠠᠨ ᠦᠢᠯᠡᠳᠦᠭᠰᠡᠨ ᠪᠦᠬᠦᠨ ᠢ ᠳᠠᠭᠤᠷᠢᠶᠠᠨ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠪᠡ᠃

10 ᠲᠡᠷᠡ ᠦᠶ᠎ᠡ ᠳᠦ ᠪᠠᠪᠢᠯᠣᠨ ᠤ ᠬᠠᠭᠠᠨ ᠨᠧᠪᠦ᠋ᠺᠠᠨᠧᠽᠠᠷ ᠤᠨ ᠵᠠᠷᠤᠴᠠ ᠨᠠᠷ ᠶᠧᠷᠦ᠋ᠰᠠᠯᠧᠮ ᠥᠭᠡᠳᠡ ᠳᠣᠪᠲᠣᠯᠣᠨ ᠢᠷᠡᠵᠦ᠂ ᠬᠣᠲᠠ ᠶᠢ ᠪᠦᠰᠡᠯᠡᠪᠡ᠃ 11 ᠵᠠᠷᠤᠴᠠ ᠨᠠᠷ ᠨᠢ ᠬᠣᠲᠠ ᠶᠢ ᠪᠦᠰᠡᠯᠡᠵᠦ ᠪᠠᠢᠬᠤ ᠳᠤ᠂ ᠪᠠᠪᠢᠯᠣᠨ ᠤ ᠬᠠᠭᠠᠨ ᠨᠧᠪᠦ᠋ᠺᠠᠨᠧᠽᠠᠷ ᠥᠪᠡᠷ ᠢᠶᠡᠨ ᠬᠦᠷᠴᠦ ᠢᠷᠡᠪᠡ᠃ 12 ᠶᠦᠳᠠ ᠶᠢᠨ ᠬᠠᠭᠠᠨ ᠶᠧᠬᠣᠢᠶᠠᠺᠢᠨ ᠡᠵᠢ᠂ ᠵᠠᠷᠤᠴᠠ ᠨᠠᠷ᠂ ᠨᠣᠶᠠᠳ ᠲᠦᠰᠢᠮᠡᠳ ᠦᠨ ᠢᠶᠠᠨ ᠬᠠᠮᠲᠤ ᠪᠠᠪᠢᠯᠣᠨ ᠤ ᠬᠠᠭᠠᠨ ᠤᠷᠤᠭᠤ ᠭᠠᠷᠴᠤ ᠢᠷᠡᠭᠰᠡᠨ ᠳᠦ᠂ ᠪᠠᠪᠢᠯᠣᠨ ᠤ ᠬᠠᠭᠠᠨ ᠲᠡᠭᠦᠨ ᠢ ᠬᠠᠭᠠᠨᠴᠢᠯᠠᠯ ᠤᠨ ᠬᠢᠨᠢ ᠨᠠᠢ᠌ᠮᠠᠳᠤᠭᠠᠷ ᠣᠨ ᠳᠤ ᠣᠯᠵᠠᠯᠠᠵᠠᠢ᠃

13 ᠨᠧᠪᠦ᠋ᠺᠠᠨᠧᠽᠠᠷ ᠶᠣᠬᠣᠸᠠ ᠶᠢᠨ ᠥᠷᠭᠥᠭᠡ ᠪᠣᠯᠣᠨ ᠬᠠᠭᠠᠨ ᠤ ᠣᠷᠳᠣᠨ ᠠᠴᠠ ᠪᠦᠬᠦ ᠡᠷᠳᠡᠨᠢᠰ ᠢ ᠭᠠᠷᠭᠠᠵᠤ᠂ ᠶᠣᠬᠣᠸᠠ ᠶᠢᠨ ᠣᠷᠳᠣᠨ ᠳᠤ ᠪᠠᠢᠭᠰᠠᠨ ᠢᠰᠷᠧᠯ ᠤᠨ ᠬᠠᠭᠠᠨ ᠰᠣᠯᠣᠮᠣᠨ ᠤ ᠪᠦᠲᠦᠭᠡᠯ ᠪᠣᠯᠬᠤ ᠪᠦᠬᠦ ᠠᠯᠲᠠᠨ ᠬᠡᠷᠡᠭᠰᠡᠯ ᠢ ᠪᠤᠲᠠᠯᠪᠠ᠃ 14 ᠲᠡᠷᠡ ᠪᠦᠬᠦ ᠶᠧᠷᠦ᠋ᠰᠠᠯᠧᠮ ᠤᠨ ᠬᠢᠨ ᠢ᠂ ᠲᠤᠬᠠᠢᠯᠠᠪᠠᠯ ᠪᠦᠬᠦ ᠲᠦᠰᠢᠮᠡᠯ᠂ ᠳᠠᠢᠴᠢᠳ᠂ ᠤᠷᠠᠴᠤᠳ᠂ ᠳᠠᠷᠬᠠᠴᠤᠳ ᠵᠡᠷᠭᠡ ᠲᠦᠮᠡᠨ ᠬᠥᠮᠦᠨ ᠢ ᠲᠡᠨᠳᠡ ᠡᠴᠡ ᠴᠥᠯᠡᠵᠦ᠂ ᠦᠭᠡᠭᠦᠦ ᠶᠠᠳᠠᠭᠤ ᠠᠷᠠᠳ ᠢ ᠯᠠ ᠲᠡᠷᠡ ᠭᠠᠵᠠᠷ ᠲᠤ ᠦᠯᠡᠳᠡᠭᠡᠵᠡᠢ᠃ 15 ᠨᠧᠪᠦ᠋ᠺᠠᠨᠧᠽᠠᠷ ᠶᠧᠬᠣᠢᠶᠠᠺᠢᠨ ᠢ ᠪᠠᠪᠢᠯᠣᠨ ᠤᠷᠤᠭᠤ ᠴᠥᠯᠡᠪᠡ᠂ ᠬᠠᠭᠠᠨ ᠤ ᠡᠬᠡ᠂ ᠬᠠᠭᠠᠨ ᠤ ᠬᠠᠲᠤᠳ᠂ ᠲᠡᠭᠦᠨ ᠦ ᠲᠦᠰᠢᠮᠡᠳ ᠵᠡᠷᠭᠡ ᠲᠡᠷᠡ ᠭᠠᠵᠠᠷ ᠤᠨ ᠰᠤᠷᠪᠤᠯᠵᠢᠲᠠᠳ ᠢ ᠴᠤ ᠶᠧᠷᠦ᠋ᠰᠠᠯᠧᠮ ᠡᠴᠡ ᠪᠠᠪᠢᠯᠣᠨ ᠤᠷᠤᠭᠤ ᠴᠥᠯᠡᠯᠭᠡ ᠳᠦ ᠶᠠᠪᠤᠭᠤᠯᠵᠠᠢ᠃ 16 ᠪᠠᠪᠢᠯᠣᠨ ᠤ ᠬᠠᠭᠠᠨ ᠪᠠᠰᠠ ᠳᠣᠯᠣᠭᠠᠨ ᠮᠢᠩ᠋ᠭᠠᠨ ᠰᠢᠯᠢᠳᠡᠭ ᠪᠠᠭᠠᠲᠤᠷ ᠡᠷᠡᠰ ᠢ ᠪᠦᠭᠦᠳᠡ ᠶᠢ᠂ ᠪᠠᠰᠠ ᠮᠢᠩ᠋ᠭᠠᠨ ᠤᠷᠠᠴᠤᠳ᠂ ᠳᠠᠷᠬᠠᠴᠤᠳ ᠢ ᠪᠠᠪᠢᠯᠣᠨ ᠤᠷᠤᠭᠤ ᠴᠥᠯᠡᠪᠡ᠃ 17 ᠪᠠᠪᠢᠯᠣᠨ ᠤ ᠬᠠᠭᠠᠨ ᠪᠡᠷ ᠶᠧᠬᠣᠢᠶᠠᠺᠢᠨ ᠤ ᠠᠪᠠᠭ᠎ᠠ ᠮᠠᠲ᠋ᠠᠨᠢᠶ᠎ᠠ ᠶᠢ ᠲᠡᠭᠦᠨ ᠦ ᠣᠷᠣᠨ ᠳᠤ ᠬᠠᠭᠠᠨ ᠪᠣᠯᠭᠠᠵᠤ᠂ ᠨᠡᠷ᠎ᠡ ᠶᠢ ᠨᠢ ᠽᠧᠳᠧᠺᠢᠶ᠎ᠠ ᠭᠡᠵᠦ ᠥᠭᠡᠷᠡᠴᠢᠯᠡᠭᠰᠡᠨ ᠪᠠᠢᠨ᠎ᠠ᠃

18 ᠽᠧᠳᠧᠺᠢᠶ᠎ᠠ ᠬᠣᠷᠢᠨ ᠨᠢᠭᠡᠨ ᠨᠠᠰᠤᠲᠠᠢ ᠳᠠᠭᠠᠨ ᠬᠠᠭᠠᠨ ᠪᠣᠯᠵᠤ ᠶᠧᠷᠦ᠋ᠰᠠᠯᠧᠮ ᠳᠤ ᠠᠷᠪᠠᠨ ᠨᠢᠭᠡᠨ ᠵᠢᠯ ᠬᠠᠭᠠᠨᠴᠢᠯᠠᠵᠠᠢ᠃ ᠡᠬᠡ ᠨᠢ ᠯᠢᠪᠨᠠ ᠬᠥᠮᠦᠨ ᠶᠧᠷᠧᠮᠢᠶ᠎ᠠ ᠶᠢᠨ ᠥᠬᠢᠨ ᠬᠠᠮᠦ᠋ᠲ᠋ᠠᠯ ᠪᠠᠢᠪᠠ᠃ 19 ᠽᠧᠳᠧᠺᠢᠶ᠎ᠠ ᠶᠧᠬᠣᠢᠶᠠᠺᠢᠮ ᠤᠨ ᠦᠢᠯᠡᠳᠦᠭᠰᠡᠨ ᠪᠦᠭᠦᠳᠡ ᠶᠢ ᠳᠠᠭᠤᠷᠢᠶᠠᠨ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠪᠡ᠃ 20 ᠶᠣᠬᠣᠸᠠ ᠶᠢᠨ ᠠᠭᠤᠷ ᠬᠢᠯᠢᠩ ᠡᠴᠡ ᠪᠣᠯᠵᠤ ᠳᠠᠷᠠᠭᠠᠬᠢ ᠶᠠᠪᠤᠳᠠᠯ ᠶᠧᠷᠦ᠋ᠰᠠᠯᠧᠮ ᠪᠠ ᠶᠦᠳᠠ ᠳᠤ ᠲᠣᠬᠢᠶᠠᠯᠳᠤᠵᠤ᠂ ᠬᠣᠵᠢᠮ ᠨᠢ ᠶᠣᠬᠣᠸᠠ ᠲᠡᠳᠡᠨ ᠢ ᠥᠪᠡᠷ ᠦᠨ ᠢᠶᠠᠨ ᠣᠷᠣᠰᠢᠬᠤᠢ ᠠᠴᠠ ᠬᠥᠭᠡᠭᠡᠨ ᠭᠠᠷᠭᠠᠭᠰᠠᠨ ᠶᠤᠮ᠃ ᠽᠧᠳᠧᠺᠢᠶ᠎ᠠ ᠪᠠᠪᠢᠯᠣᠨ ᠤ ᠬᠠᠭᠠᠨ ᠠᠴᠠ ᠤᠷᠪᠠᠪᠠ᠃