1 2 3 4 5 6 7 8 9 10 11 12 13 14 15 16 17 18 19 20 21 22 23 24 25


ᠬᠠᠭᠠᠳ ᠤᠨ ᠳᠡᠳ᠋ ᠠᠷᠪᠠᠨ ᠳᠥᠷᠪᠡ
 ᠶᠦᠳᠠ ᠶᠢᠨ ᠬᠠᠭᠠᠨ ᠠᠮᠠᠽᠢᠶ᠎ᠠ

1 ᠢᠰᠷᠧᠯ ᠤᠨ ᠬᠠᠭᠠᠨ ᠶᠧᠬᠣᠶᠠᠬᠠᠽ ᠤᠨ ᠬᠦᠦ ᠶᠧᠬᠣᠶᠠᠱ ᠤᠨ ᠬᠣᠶᠠᠳᠤᠭᠠᠷ ᠣᠨ ᠳᠤ᠂ ᠶᠦᠳᠠ ᠶᠢᠨ ᠬᠠᠭᠠᠨ ᠶᠣᠶᠠᠱ ᠤᠨ ᠬᠦᠦ ᠠᠮᠠᠽᠢᠶ᠎ᠠ ᠬᠠᠭᠠᠨ ᠪᠣᠯᠪᠠ᠃ 2 ᠲᠡᠷᠡ ᠬᠣᠷᠢᠨ ᠲᠠᠪᠤᠨ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠬᠣᠷᠢ ᠶᠢᠰᠦᠨ ᠵᠢᠯ ᠬᠠᠭᠠᠨᠴᠢᠯᠠᠵᠠᠢ᠃ ᠡᠬᠡ ᠨᠢ ᠶᠧᠬᠣᠶᠠᠳᠢᠨ ᠭᠡᠳᠡᠭ ᠶᠧᠷᠦ᠋ᠰᠠᠯᠧᠮ ᠬᠥᠮᠦᠨ ᠪᠠᠢᠪᠠ᠃ 3 ᠠᠮᠠᠽᠢᠶ᠎ᠠ ᠶᠣᠬᠣᠸᠠ ᠶᠢᠨ ᠮᠡᠯᠮᠡᠢ ᠶᠢᠨ ᠡᠮᠦᠨ᠎ᠡ ᠵᠥᠪ ᠢ ᠦᠢᠯᠡᠳᠦᠭᠰᠡᠨ ᠪᠣᠯᠪᠠᠴᠤ ᠡᠪᠦᠭᠡ ᠡᠴᠢᠭᠡ ᠳ᠋ᠠᠸᠢᠳ᠋ ᠰᠢᠭ᠋ ᠢᠶᠠᠨ ᠪᠠᠢᠭᠰᠠᠨ ᠦᠭᠡᠢ᠃ ᠲᠡᠷᠡ ᠪᠡᠷ ᠪᠦᠭᠦᠳᠡ ᠶᠢ ᠡᠴᠢᠭᠡ ᠶᠣᠶᠠᠱ ᠤᠨ ᠢᠶᠠᠨ ᠬᠢᠭᠰᠡᠨ ᠲᠡᠢ ᠠᠳᠠᠯᠢ ᠬᠢᠭᠰᠡᠨ ᠪᠣᠯᠪᠠᠴᠤ 4 ᠮᠥᠷᠭᠥᠯ ᠦᠨ ᠮᠠᠨᠳᠠᠯ ᠤᠳ ᠢ ᠵᠠᠢᠯᠠᠭᠤᠯᠤᠭᠰᠠᠨ ᠦᠭᠡᠢ᠃ ᠠᠷᠠᠳ ᠲᠦᠮᠡᠨ ᠮᠥᠷᠭᠥᠯ ᠦᠨ ᠮᠠᠨᠳᠠᠯ ᠤᠳ ᠳᠡᠭᠡᠷ᠎ᠡ ᠲᠠᠬᠢᠯ ᠡᠷᠭᠦᠵᠦ᠂ ᠤᠲᠤᠯᠭ᠎ᠠ ᠤᠭᠤᠭᠢᠭᠤᠯᠤᠭᠰᠠᠭᠠᠷ ᠪᠠᠢᠪᠠ᠃ 5 ᠬᠠᠭᠠᠨᠴᠢᠯᠠᠯ ᠲᠡᠭᠦᠨ ᠦ ᠭᠠᠷ ᠲᠤ ᠪᠡᠬᠢᠵᠢᠬᠦ ᠳᠦ᠂ ᠠᠮᠠᠽᠢᠶ᠎ᠠ ᠬᠠᠭᠠᠨ ᠡᠴᠢᠭᠡ ᠶᠢ ᠨᠢ ᠬᠣᠷᠣᠭᠠᠭᠰᠠᠨ ᠲᠦᠰᠢᠮᠡᠳ ᠢ ᠴᠠᠭᠠᠵᠠᠯᠠᠪᠠ᠂ 6 ᠬᠠᠷᠢᠨ ᠠᠯᠠᠭᠤᠷᠴᠢᠳ ᠤᠨ ᠬᠥᠪᠡᠭᠦᠳ ᠢ ᠴᠠᠭᠠᠵᠠᠯᠠᠭᠰᠠᠨ ᠦᠭᠡᠢ᠃ ᠲᠡᠢᠨ ᠬᠦ ᠲᠡᠷᠡ ᠮᠣᠰᠧ ᠶᠢᠨ ᠬᠠᠤᠯᠢ ᠶᠢᠨ ᠨᠣᠮ ᠳᠤ ᠪᠢᠴᠢᠭᠳᠡᠭᠰᠡᠨ᠄ 《ᠡᠴᠢᠭᠡ ᠡᠬᠡ ᠶᠢ ᠨᠢ ᠬᠡᠦᠬᠡᠳ ᠦᠨ ᠬᠢᠨᠢ ᠤᠯᠠᠮ ᠢᠶᠠᠷ ᠪᠦᠦ ᠴᠠᠭᠠᠵᠠᠯᠠ᠂ ᠬᠡᠦᠬᠡᠳ ᠢ ᠨᠢ ᠡᠴᠢᠭᠡ ᠡᠬᠡ ᠶᠢᠨ ᠬᠢᠨᠢ ᠤᠯᠠᠮ ᠢᠶᠠᠷ ᠪᠦᠦ ᠴᠠᠭᠠᠵᠠᠯᠠ᠃ ᠬᠥᠮᠦᠨ ᠪᠦᠷᠢ ᠥᠪᠡᠷ ᠦᠨ ᠢᠶᠠᠨ ᠨᠢᠭᠦᠯ ᠦᠨ ᠤᠯᠠᠮ ᠢᠶᠠᠷ ᠯᠠ ᠴᠠᠭᠠᠵᠠᠯᠠᠭᠳᠠᠨ᠎ᠠ》 ᠭᠡᠰᠡᠨ ᠶᠣᠬᠣᠸᠠ ᠶᠢᠨ ᠲᠤᠰᠢᠶᠠᠯ ᠢ ᠳᠠᠭᠠᠵᠠᠢ᠃

7 ᠠᠮᠠᠽᠢᠶ᠎ᠠ ᠳᠠᠪᠤᠰᠤᠲᠤ ᠬᠥᠨᠳᠡᠢ ᠳᠦ ᠲᠦᠮᠡᠨ ᠡᠳᠣᠮ ᠬᠥᠮᠦᠨ ᠢ ᠴᠣᠬᠢᠭᠰᠠᠨ ᠪᠥᠭᠡᠳ ᠰᠧᠯᠠ ᠶᠢ ᠳᠠᠢᠲᠤᠨ ᠡᠵᠡᠯᠡᠭᠡᠳ᠂ ᠲᠡᠭᠦᠨ ᠢ ᠶᠣᠺᠲ᠋ᠧᠯ ᠭᠡᠵᠦ ᠨᠡᠷᠡᠯᠡᠭᠰᠡᠨ ᠨᠢ ᠥᠨᠥᠳᠥᠷ ᠬᠦᠷᠲᠡᠯ᠎ᠡ ᠪᠠᠢᠨ᠎ᠠ᠃

8 ᠳᠠᠷᠠᠭ᠎ᠠ ᠨᠢ ᠠᠮᠠᠽᠢᠶ᠎ᠠ ᠶᠧᠾᠦ᠋ ᠶᠢᠨ ᠠᠴᠢ ᠶᠧᠬᠣᠶᠠᠬᠠᠽ ᠤᠨ ᠬᠦᠦ ᠢᠰᠷᠧᠯ ᠤᠨ ᠬᠠᠭᠠᠨ ᠶᠧᠬᠣᠶᠠᠱ ᠲᠤ ᠡᠯᠴᠢᠳ ᠢᠯᠡᠭᠡᠨ᠄ 《ᠢᠷ᠎ᠡ᠂ ᠪᠢᠳᠡ ᠨᠢᠭᠤᠷ ᠲᠤᠯᠤᠨ ᠠᠭᠤᠯᠵᠠᠶ᠎ᠠ》 ᠭᠡᠪᠡ᠃ 9 ᠢᠰᠷᠧᠯ ᠤᠨ ᠬᠠᠭᠠᠨ ᠶᠧᠬᠣᠶᠠᠱ ᠶᠦᠳᠠ ᠶᠢᠨ ᠬᠠᠭᠠᠨ ᠠᠮᠠᠽᠢᠶ᠎ᠠ ᠳᠤ ᠬᠥᠮᠦᠨ ᠢᠯᠡᠭᠡᠨ᠄ 《ᠯᠧᠪᠠᠨᠣᠨ ᠤ ᠥᠷᠭᠡᠰᠦᠲᠦ ᠪᠤᠲᠠ ᠯᠧᠪᠠᠨᠣᠨ ᠤ ᠬᠤᠱᠢ ᠮᠣᠳᠣᠨ ᠳᠤ ᠡᠯᠴᠢ ᠢᠯᠡᠭᠡᠨ᠄ 〈ᠥᠬᠢᠨ ᠢᠶᠠᠨ ᠮᠢᠨᠦ ᠬᠦᠦ ᠳᠦ ᠡᠬᠡᠨᠡᠷ ᠪᠣᠯᠭᠠᠨ ᠥᠭᠭᠥᠭᠡᠴᠢ〉 ᠭᠡᠬᠦ ᠳᠦ᠂ ᠯᠧᠪᠠᠨᠣᠨ ᠤ ᠵᠡᠷᠯᠢᠭ ᠠᠷᠢᠶᠠᠲᠠᠨ ᠲᠡᠷᠡᠭᠦᠷ ᠶᠠᠪᠤᠵᠤ᠂ ᠥᠷᠭᠡᠰᠦᠲᠦ ᠪᠤᠲᠠ ᠶᠢ ᠭᠢᠰᠬᠢᠯᠡᠭᠰᠡᠨ ᠪᠢᠯᠡ᠃ 10 ᠴᠢ ᠡᠳᠣᠮ ᠢ ᠪᠤᠲᠠ ᠴᠣᠬᠢᠭᠰᠠᠨ ᠭᠡᠳ ᠪᠠᠷᠳᠠᠮ ᠵᠠᠩ ᠲᠠᠢ ᠪᠣᠯᠵᠠᠢ᠃ ᠢᠯᠠᠯᠲᠠ ᠶᠢᠨ ᠢᠶᠠᠨ ᠰᠦᠷ ᠢ ᠪᠠᠳᠠᠷᠠᠭᠤᠯᠤᠨ᠂ ᠭᠡᠷ ᠲᠡᠭᠡᠨ ᠯᠠ ᠰᠠᠭᠤᠵᠤ ᠪᠠᠢᠭᠠᠷᠠᠢ᠃ ᠴᠢ ᠶᠠᠭᠤᠨ ᠳᠤ ᠤᠷᠰᠢᠭ ᠲᠠᠲᠠᠵᠤ ᠶᠦᠳᠠ ᠶᠢ ᠥᠪᠡᠷ ᠦᠨ ᠢᠶᠠᠨ ᠬᠠᠮᠲᠤ ᠰᠦᠢᠷᠡᠯ ᠳᠦ ᠣᠷᠣᠭᠤᠯᠬᠤ ᠭᠡᠳ ᠪᠠᠢᠨ᠎ᠠ ᠪᠤᠢ︖》 ᠭᠡᠪᠡ᠃

11 ᠭᠡᠪᠡᠴᠦ ᠠᠮᠠᠽᠢᠶ᠎ᠠ ᠰᠣᠨᠣᠰᠣᠭᠰᠠᠨ ᠦᠭᠡᠢ ᠲᠤᠯᠠ ᠢᠰᠷᠧᠯ ᠤᠨ ᠬᠠᠭᠠᠨ ᠶᠧᠬᠣᠶᠠᠱ ᠭᠠᠷᠴᠤ ᠢᠷᠡᠯ᠎ᠡ᠃ ᠢᠩᠭᠢᠭᠡᠳ ᠶᠦᠳᠠ ᠶᠢᠨ ᠬᠠᠭᠠᠨ ᠠᠮᠠᠽᠢᠶ᠎ᠠ ᠲᠡᠷᠡ ᠬᠣᠶᠠᠷ ᠶᠦᠳᠠ ᠳᠤ ᠬᠠᠷᠢᠶᠠᠯᠠᠭᠳᠠᠳᠠᠭ ᠪᠧᠲ ᠱᠧᠮᠧᠱ ᠲᠤ ᠨᠢᠭᠤᠷ ᠲᠤᠯᠤᠨ ᠠᠭᠤᠯᠵᠠᠪᠠ᠃ 12 ᠶᠦᠳᠠ ᠢᠰᠷᠧᠯ ᠳᠤ ᠢᠯᠠᠭᠳᠠᠨ᠂ ᠬᠥᠮᠦᠨ ᠪᠣᠯᠭᠠᠨ ᠨᠢ ᠭᠡᠷ ᠭᠡᠷ ᠤᠷᠤᠭᠤ ᠪᠠᠨ ᠵᠢᠭᠤᠲᠠᠵᠠᠢ᠃ 13 ᠢᠰᠷᠧᠯ ᠤᠨ ᠬᠠᠭᠠᠨ ᠶᠧᠬᠣᠶᠠᠱ ᠪᠧᠲ ᠱᠧᠮᠧᠱ ᠲᠤ ᠠᠬᠠᠽᠢᠶ᠎ᠠ ᠶᠢᠨ ᠠᠴᠢ᠂ ᠶᠣᠶᠠᠱ ᠤᠨ ᠬᠦᠦ ᠶᠦᠳᠠ ᠶᠢᠨ ᠬᠠᠭᠠᠨ ᠠᠮᠠᠽᠢᠶ᠎ᠠ ᠶᠢ ᠣᠯᠵᠠᠯᠠᠨ ᠠᠪᠤᠭᠰᠠᠨ ᠤ ᠳᠠᠷᠠᠭ᠎ᠠ᠂ ᠶᠧᠷᠦ᠋ᠰᠠᠯᠧᠮ ᠳᠤ ᠣᠷᠣᠵᠤ᠂ ᠶᠧᠷᠦ᠋ᠰᠠᠯᠧᠮ ᠤᠨ ᠬᠡᠷᠡᠮ ᠢ ᠡᠹᠷᠠᠢᠮ ᠤᠨ ᠬᠠᠭᠠᠯᠭᠠᠨ ᠠᠴᠠ ᠪᠤᠯᠤᠩ ᠤᠨ ᠬᠠᠭᠠᠯᠭ᠎ᠠ ᠬᠦᠷᠲᠡᠯ᠎ᠡ ᠳᠥᠷᠪᠡᠨ ᠵᠠᠭᠤᠨ ᠲᠣᠬᠣᠢ ᠨᠤᠷᠠᠭᠠᠪᠠ᠃ 14 ᠲᠡᠷᠡ ᠪᠠᠰᠠ ᠶᠣᠬᠣᠸᠠ ᠶᠢᠨ ᠥᠷᠭᠥᠭᠡ ᠪᠣᠯᠣᠨ ᠬᠠᠭᠠᠨ ᠤ ᠣᠷᠳᠣᠨ ᠤ ᠬᠥᠮᠥᠷᠭᠡ ᠳᠦ ᠪᠠᠢᠭᠰᠠᠨ ᠪᠦᠬᠦ ᠠᠯᠲᠠ᠂ ᠮᠥᠩᠭᠥ᠂ ᠪᠦᠬᠦ ᠬᠡᠷᠡᠭᠰᠡᠯ ᠢ ᠲᠣᠨᠣᠵᠤ᠂ ᠮᠥᠨ ᠬᠥᠮᠦᠰ ᠢ ᠪᠠᠷᠢᠴᠠᠭᠠᠯᠠᠨ ᠠᠪᠤᠭᠠᠳ ᠰᠠᠮᠠᠷᠢᠶ᠎ᠠ ᠤᠷᠤᠭᠤ ᠪᠤᠴᠠᠭᠰᠠᠨ ᠪᠠᠢᠯ᠎ᠠ᠃

15 ᠶᠧᠬᠣᠶᠠᠱ ᠤᠨ ᠪᠤᠰᠤᠳ ᠶᠠᠪᠤᠳᠠᠯ᠂ ᠲᠡᠭᠦᠨ ᠦ ᠡᠷᠬᠡ ᠮᠡᠳᠡᠯ ᠬᠢᠭᠡᠳ ᠶᠦᠳᠠ ᠶᠢᠨ ᠬᠠᠭᠠᠨ ᠠᠮᠠᠽᠢᠶ᠎ᠠ ᠲᠠᠢ ᠬᠢᠭᠰᠡᠨ ᠲᠤᠯᠤᠯᠳᠤᠭᠠᠨ ᠨᠢ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 16 ᠶᠧᠬᠣᠶᠠᠱ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠠᠳ ᠢᠰᠷᠧᠯ ᠤᠨ ᠬᠠᠭᠠᠳ ᠤᠨ ᠬᠠᠮᠲᠤ ᠰᠠᠮᠠᠷᠢᠶ᠎ᠠ ᠳᠤ ᠪᠤᠯᠠᠰᠢᠯᠠᠭᠳᠠᠵᠠᠢ᠃ ᠬᠦᠦ ᠶᠧᠷᠣᠪᠣᠶᠠᠮ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃

17 ᠢᠰᠷᠧᠯ ᠤᠨ ᠬᠠᠭᠠᠨ ᠶᠧᠬᠣᠶᠠᠬᠠᠽ ᠤᠨ ᠬᠦᠦ ᠶᠧᠬᠣᠶᠠᠱ ᠥᠭᠡᠳᠡ ᠪᠣᠯᠣᠭᠰᠠᠨ ᠤ ᠬᠣᠢᠨ᠎ᠠ᠂ ᠶᠦᠳᠠ ᠶᠢᠨ ᠬᠠᠭᠠᠨ ᠶᠣᠶᠠᠱ ᠤᠨ ᠬᠦᠦ ᠠᠮᠠᠽᠢᠶ᠎ᠠ ᠠᠷᠪᠠᠨ ᠲᠠᠪᠤᠨ ᠵᠢᠯ ᠢᠯᠡᠭᠦᠦ ᠠᠮᠢᠳᠤᠷᠠᠪᠠ᠃ 18 ᠠᠮᠠᠽᠢᠶ᠎ᠠ ᠶᠢᠨ ᠪᠤᠰᠤᠳ ᠶᠠᠪᠤᠳᠠᠯ ᠶᠦᠳᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 19 ᠶᠧᠷᠦ᠋ᠰᠠᠯᠧᠮ ᠳᠤ ᠬᠡᠰᠡᠭ ᠬᠥᠮᠦᠰ ᠲᠡᠭᠦᠨ ᠦ ᠡᠰᠡᠷᠭᠦ ᠬᠤᠤᠪᠢᠯᠳᠤᠭᠰᠠᠨ ᠳᠤ᠂ ᠲᠡᠷᠡ ᠯᠠᠺᠢᠱ ᠤᠷᠤᠭᠤ ᠵᠢᠭᠤᠲᠠᠪᠠ᠃ ᠭᠡᠪᠡᠴᠦ ᠲᠡᠳᠡ ᠠᠷᠤ ᠠᠴᠠ ᠨᠢ ᠬᠥᠮᠦᠨ ᠢᠯᠡᠭᠡᠵᠦ ᠲᠡᠨᠳᠡ ᠲᠡᠭᠦᠨ ᠢ ᠬᠣᠷᠣᠭᠠᠪᠠ᠃ 20 ᠲᠡᠳᠡ ᠲᠡᠭᠦᠨ ᠦ ᠱᠠᠷᠢᠯ ᠢ ᠶᠧᠷᠦ᠋ᠰᠠᠯᠧᠮ ᠳᠤ ᠮᠣᠷᠢ ᠪᠠᠷ ᠠᠪᠴᠢᠷᠠᠵᠤ᠂ ᠡᠴᠢᠭᠡ ᠡᠪᠦᠭᠡᠳ ᠦᠨ ᠬᠢᠨᠢ ᠳᠡᠷᠭᠡᠳᠡ ᠳ᠋ᠠᠸᠢᠳ᠋ ᠤᠨ ᠬᠣᠲᠠ ᠳᠤ ᠣᠷᠣᠰᠢᠭᠤᠯᠵᠠᠢ᠃ 21 ᠶᠦᠳᠠ ᠶᠢᠨ ᠠᠷᠠᠳ ᠲᠦᠮᠡᠨ ᠪᠦᠭᠦᠳᠡᠭᠡᠷ ᠠᠷᠪᠠᠨ ᠵᠢᠷᠭᠤᠭᠠᠨ ᠨᠠᠰᠤᠲᠠᠢ ᠠᠽᠠᠷᠢᠶ᠎ᠠ ᠶᠢ ᠡᠴᠢᠭᠡ ᠠᠮᠠᠽᠢᠶ᠎ᠠ ᠶᠢᠨ ᠬᠢᠨᠢ ᠣᠷᠣᠨ ᠳᠤ ᠬᠠᠭᠠᠨ ᠢᠶᠠᠷ ᠡᠷᠭᠦᠮᠵᠢᠯᠡᠪᠡ᠃ 22 ᠠᠮᠠᠽᠢᠶ᠎ᠠ ᠶᠢ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠰᠠᠨ ᠤ ᠳᠠᠷᠠᠭ᠎ᠠ᠂ ᠡᠯᠠᠲ ᠢ ᠪᠣᠰᠬᠠᠨ ᠶᠦᠳᠠ ᠳᠤ ᠨᠢᠭᠡᠳᠬᠡᠭᠰᠡᠨ ᠨᠢ ᠲᠡᠷᠡ ᠪᠢᠯᠡ᠃
 ᠢᠰᠷᠧᠯ ᠤᠨ ᠬᠠᠭᠠᠨ ᠶᠧᠷᠣᠪᠣᠶᠠᠮ ᠬᠣᠶᠠᠳᠤᠭᠠᠷ

23 ᠶᠦᠳᠠ ᠶᠢᠨ ᠬᠠᠭᠠᠨ ᠶᠣᠶᠠᠱ ᠤᠨ ᠬᠦᠦ ᠠᠮᠠᠽᠢᠶ᠎ᠠ ᠶᠢᠨ ᠠᠷᠪᠠᠨ ᠲᠠᠪᠤᠳᠤᠭᠠᠷ ᠣᠨ ᠳᠤ ᠢᠰᠷᠧᠯ ᠤᠨ ᠬᠠᠭᠠᠨ ᠶᠧᠬᠣᠶᠠᠱ ᠤᠨ ᠬᠦᠦ ᠶᠧᠷᠣᠪᠣᠶᠠᠮ ᠰᠠᠮᠠᠷᠢᠶ᠎ᠠ ᠳᠤ ᠬᠠᠭᠠᠨ ᠪᠣᠯᠵᠤ᠂ ᠳᠥᠴᠢᠨ ᠨᠢᠭᠡᠨ ᠵᠢᠯ ᠵᠠᠬᠢᠷᠪᠠ᠃ 24 ᠲᠡᠷᠡ ᠪᠡᠷ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠦᠭᠰᠡᠨ ᠪᠥᠭᠡᠳ ᠢᠰᠷᠧᠯ ᠢᠶᠠᠷ ᠨᠢᠭᠦᠯ ᠦᠢᠯᠡᠳᠦᠭᠦᠯᠦᠭᠰᠡᠨ ᠨᠧᠪᠠᠲ ᠤᠨ ᠬᠦᠦ ᠶᠧᠷᠣᠪᠣᠶᠠᠮ ᠤᠨ ᠠᠯᠢᠪᠠ ᠨᠢᠭᠦᠯ ᠡᠴᠡ ᠰᠠᠯᠤᠭᠰᠠᠨ ᠦᠭᠡᠢ᠃ 25 ᠬᠠᠷᠢᠨ ᠲᠡᠷᠡ ᠢᠰᠷᠧᠯ ᠤᠨ ᠬᠢᠯᠢ ᠶᠢ ᠯᠧᠪᠣᠬᠠᠮᠠᠲ ᠠᠴᠠ ᠠᠷᠠᠪᠠ ᠲᠠᠩᠭᠢᠰ ᠬᠦᠷᠲᠡᠯ᠎ᠡ ᠰᠡᠷᠭᠦᠭᠡᠨ ᠲᠣᠭᠲᠠᠭᠠᠭᠰᠠᠨ ᠪᠠᠢᠯ᠎ᠠ᠃ ᠡᠨᠡ ᠨᠢ ᠢᠰᠷᠧᠯ ᠤᠨ ᠪᠤᠷᠬᠠᠨ ᠶᠣᠬᠣᠸᠠ ᠶᠢᠨ ᠥᠪᠡᠷ ᠦᠨ ᠵᠠᠷᠤᠴᠠ ᠭᠠᠲ ᠾᠧᠹᠧᠷ ᠬᠥᠮᠦᠨ ᠠᠮᠢᠲ᠋ᠠᠢ ᠶᠢᠨ ᠬᠦᠦ ᠡᠰᠢ ᠦᠵᠡᠭᠦᠯᠦᠭᠴᠢ ᠶᠣᠨᠠ ᠪᠠᠷ ᠳᠠᠮᠵᠢᠭᠤᠯᠤᠨ ᠠᠢᠯᠠᠳᠤᠭᠰᠠᠨ ᠶᠣᠰᠣᠭᠠᠷ ᠪᠣᠯᠪᠠ᠃ 26 ᠢᠰᠷᠧᠯ ᠤᠨ ᠪᠣᠭᠣᠯ ᠪᠠ ᠴᠢᠯᠥᠭᠡᠲᠦ ᠬᠥᠮᠦᠨ ᠢᠯᠭᠠᠭ᠎ᠠ ᠦᠭᠡᠢ ᠪᠦᠭᠦᠳᠡᠭᠡᠷ ᠢᠶᠡᠨ ᠮᠠᠰᠢ ᠭᠠᠰᠢᠭᠤᠨ ᠵᠣᠪᠠᠯᠠᠩ ᠲᠠᠢ ᠪᠠᠢᠭ᠎ᠠ ᠶᠢ ᠶᠣᠬᠣᠸᠠ ᠦᠨᠡᠬᠡᠷ ᠬᠠᠷᠠᠵᠠᠢ᠃ ᠲᠡᠳᠡᠨ ᠳᠦ ᠲᠤᠰᠠᠯᠠᠬᠤ ᠬᠥᠮᠦᠨ ᠪᠠᠢᠬᠤ ᠦᠭᠡᠢ ᠪᠠᠢᠯ᠎ᠠ᠃ 27 ᠬᠠᠷᠢᠨ ᠶᠣᠬᠣᠸᠠ ᠢᠰᠷᠧᠯ ᠤᠨ ᠨᠡᠷ᠎ᠡ ᠶᠢ ᠲᠩᠷᠢ ᠶᠢᠨ ᠳᠣᠣᠷ᠎ᠠ ᠠᠴᠠ ᠠᠷᠴᠢᠨ ᠬᠠᠶᠠᠨ᠎ᠠ ᠭᠡᠰᠡᠨ ᠦᠭᠡᠢ᠃ ᠡᠢᠮᠦ ᠡᠴᠡ ᠲᠡᠷᠡ ᠶᠧᠬᠣᠶᠠᠱ ᠤᠨ ᠬᠦᠦ ᠶᠧᠷᠣᠪᠣᠶᠠᠮ ᠤᠨ ᠭᠠᠷ ᠢᠶᠠᠷ ᠲᠡᠳᠡᠨ ᠢ ᠠᠪᠤᠷᠠᠭᠰᠠᠨ ᠶᠤᠮ᠃

28 ᠶᠧᠷᠣᠪᠣᠶᠠᠮ ᠤᠨ ᠪᠤᠰᠤᠳ ᠶᠠᠪᠤᠳᠠᠯ᠂ ᠲᠡᠭᠦᠨ ᠦ ᠦᠢᠯᠡᠳᠦᠭᠰᠡᠨ ᠪᠦᠬᠦᠨ᠂ ᠲᠡᠭᠦᠨ ᠦ ᠡᠷᠬᠡ ᠮᠡᠳᠡᠯ ᠬᠢᠭᠡᠳ ᠬᠡᠷᠬᠢᠨ ᠳᠠᠢᠲᠤᠵᠤ᠂ ᠶᠦᠳᠠ ᠶᠢᠨ ᠬᠠᠷᠢᠶ᠎ᠠ ᠳ᠋ᠠᠮᠠᠰᠺᠦ᠋ᠰ᠂ ᠬᠠᠮᠠᠲ ᠢ ᠢᠰᠷᠧᠯ ᠤᠨ ᠲᠠᠯ᠎ᠠ ᠳᠤ ᠡᠷᠭᠢᠭᠦᠯᠦᠨ ᠠᠪᠴᠢᠷᠠᠭᠰᠠᠨ ᠵᠡᠷᠭᠡ ᠨᠢ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 29 ᠶᠧᠷᠣᠪᠣᠶᠠᠮ ᠥᠪᠡᠷ ᠦᠨ ᠢᠶᠠᠨ ᠡᠴᠢᠭᠡ ᠡᠪᠦᠭᠡᠳ ᠪᠣᠯᠬᠤ ᠢᠰᠷᠧᠯ ᠤᠨ ᠬᠠᠭᠠᠳ ᠤᠨ ᠬᠠᠮᠲᠤ ᠨᠣᠢᠷᠰᠣᠭᠰᠠᠨ ᠪᠥᠭᠡᠳ ᠬᠦᠦ ᠽᠧᠺᠠᠷᠢᠶ᠎ᠠ ᠨᠢ ᠲᠡᠭᠦᠨ ᠢ ᠵᠠᠯᠭᠠᠮᠵᠢᠯᠠᠨ ᠬᠠᠭᠠᠨ ᠪᠣᠯᠵᠠᠢ᠃