1 2 3 4 5 6 7 8 9 10 11 12 13 14 15 16 17 18 19 20 21 22 23 24 25


ᠬᠠᠭᠠᠳ ᠤᠨ ᠳᠡᠳ᠋ ᠭᠤᠷᠪᠠ
 ᠮᠣᠶᠠᠪ ᠤᠨ ᠤᠷᠪᠠᠯᠭᠠᠨ

1 ᠶᠦᠳᠠ ᠶᠢᠨ ᠬᠠᠭᠠᠨ ᠶᠧᠬᠣᠱᠠᠹᠠᠲ ᠤᠨ ᠠᠷᠪᠠᠨ ᠨᠠᠢ᠌ᠮᠠᠳᠤᠭᠠᠷ ᠣᠨ ᠳᠤ ᠠᠬᠠᠪ ᠤᠨ ᠬᠦᠦ ᠶᠣᠷᠠᠮ ᠰᠠᠮᠠᠷᠢᠶ᠎ᠠ ᠳᠤ ᠢᠰᠷᠧᠯ ᠤᠨ ᠬᠠᠭᠠᠨ ᠪᠣᠯᠵᠤ᠂ ᠠᠷᠪᠠᠨ ᠬᠣᠶᠠᠷ ᠵᠢᠯ ᠬᠠᠭᠠᠨᠴᠢᠯᠠᠨ᠂ 2 ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠴᠡᠢ᠃ ᠲᠡᠷᠡ ᠪᠡᠷ ᠡᠴᠢᠭᠡ ᠡᠬᠡ ᠶᠢᠨ ᠢᠶᠠᠨ ᠬᠢᠷᠢ ᠮᠠᠭᠤ ᠪᠢᠰᠢ᠂ ᠡᠴᠢᠭᠡ ᠶᠢᠨ ᠢᠶᠠᠨ ᠪᠦᠲᠦᠭᠡᠭᠰᠡᠨ ᠪᠠᠯ ᠤᠨ ᠪᠠᠭᠠᠨ᠎ᠠ ᠨᠤᠭᠤᠳ ᠢ ᠵᠠᠢᠯᠠᠭᠤᠯᠤᠭᠰᠠᠨ᠃ 3 ᠭᠡᠪᠡᠴᠦ ᠢᠰᠷᠧᠯ ᠢᠶᠠᠷ ᠨᠢᠭᠦᠯ ᠦᠢᠯᠡᠳᠦᠭᠦᠯᠦᠭᠰᠡᠨ ᠨᠧᠪᠠᠲ ᠤᠨ ᠬᠦᠦ ᠶᠧᠷᠣᠪᠣᠶᠠᠮ ᠤᠨ ᠨᠢᠭᠦᠯ ᠲᠡᠢ ᠵᠢᠭᠤᠷᠠᠯᠳᠤᠵᠤ᠂ ᠲᠡᠭᠦᠨ ᠡᠴᠡ ᠪᠡᠨ ᠰᠠᠯᠤᠭᠰᠠᠨ ᠦᠭᠡᠢ᠃

4 ᠮᠣᠶᠠᠪ ᠤᠨ ᠬᠠᠭᠠᠨ ᠮᠧᠱᠠ ᠬᠣᠨᠢ ᠮᠠᠯᠵᠢᠳᠠᠭ ᠪᠠᠢᠭᠰᠠᠨ ᠪᠥᠭᠡᠳ ᠢᠰᠷᠧᠯ ᠤᠨ ᠬᠠᠭᠠᠨ ᠳᠤ ᠠᠷᠪᠠᠨ ᠲᠦᠮᠡᠨ ᠬᠤᠷᠠᠭ᠎ᠠ ᠪᠣᠯᠣᠨ ᠠᠷᠪᠠᠨ ᠲᠦᠮᠡᠨ ᠬᠤᠴᠠ ᠶᠢᠨ ᠨᠣᠣᠰᠣ ᠪᠠᠷᠢᠳᠠᠭ ᠪᠠᠢᠪᠠ᠃ 5 ᠬᠠᠷᠢᠨ ᠠᠬᠠᠪ ᠨᠠᠰᠤ ᠪᠠᠷᠠᠭᠰᠠᠨ ᠤ ᠳᠠᠷᠠᠭ᠎ᠠ᠂ ᠮᠣᠶᠠᠪ ᠤᠨ ᠬᠠᠭᠠᠨ ᠢᠰᠷᠧᠯ ᠤᠨ ᠬᠠᠭᠠᠨ ᠠᠴᠠ ᠤᠷᠪᠠᠵᠠᠢ᠃ 6 ᠶᠣᠷᠠᠮ ᠬᠠᠭᠠᠨ ᠰᠠᠮᠠᠷᠢᠶ᠎ᠠ ᠠᠴᠠ ᠭᠠᠷᠴᠤ᠂ ᠪᠦᠬᠦ ᠢᠰᠷᠧᠯ ᠢ ᠴᠤᠭᠯᠠᠭᠤᠯᠪᠠ᠃ 7 ᠲᠡᠷᠡ ᠪᠡᠷ ᠶᠦᠳᠠ ᠶᠢᠨ ᠬᠠᠭᠠᠨ ᠶᠧᠬᠣᠱᠠᠹᠠᠲ ᠲᠤ ᠦᠭᠡ ᠢᠯᠡᠭᠡᠨ᠄ 《ᠮᠣᠶᠠᠪ ᠤᠨ ᠬᠠᠭᠠᠨ ᠨᠠᠳᠠ ᠠᠴᠠ ᠤᠷᠪᠠᠯ᠎ᠠ᠃ ᠲᠠ ᠨᠠᠳᠠ ᠲᠠᠢ ᠬᠠᠮᠲᠤ ᠮᠣᠶᠠᠪ ᠲᠠᠢ ᠳᠠᠢᠲᠤᠬᠤ ᠪᠠᠷ ᠶᠠᠪᠤᠬᠤ ᠦᠭᠡᠢ ᠤᠤ︖》 ᠭᠡᠵᠦ ᠬᠡᠯᠡᠭᠦᠯᠬᠦ ᠳᠦ᠂ ᠲᠡᠷᠡ᠄ 《ᠪᠢ ᠶᠠᠪᠤᠨ᠎ᠠ᠃ ᠲᠠ ᠪᠢᠳᠡ ᠬᠣᠶᠠᠷ ᠪᠣᠯ ᠨᠢᠭᠡ ᠶᠤᠮ᠂ ᠮᠠᠨ ᠤ ᠠᠷᠠᠳ ᠲᠦᠮᠡᠨ ᠪᠣᠯ ᠲᠠᠨ ᠤ ᠠᠷᠠᠳ ᠲᠦᠮᠡᠨ᠂ ᠮᠠᠨ ᠤ ᠮᠣᠷᠢᠳ ᠪᠣᠯ ᠲᠠᠨ ᠤ ᠮᠣᠷᠢᠳ ᠪᠢᠯᠡ》 ᠭᠡᠪᠡ᠃ 8 ᠶᠣᠷᠠᠮ᠄ 《ᠪᠢᠳᠡ ᠠᠯᠢ ᠵᠠᠮ ᠢᠶᠠᠷ ᠳᠣᠪᠲᠣᠯᠬᠤ ᠪᠤᠢ︖》 ᠭᠡᠬᠦ ᠳᠦ᠂ ᠶᠧᠬᠣᠱᠠᠹᠠᠲ᠄ 《ᠡᠳᠣᠮ ᠤᠨ ᠴᠥᠯ ᠦᠨ ᠵᠠᠮ ᠢᠶᠠᠷ》 ᠭᠡᠵᠡᠢ᠃

9 ᠢᠰᠷᠧᠯ ᠤᠨ ᠬᠠᠭᠠᠨ ᠶᠦᠳᠠ ᠶᠢᠨ ᠬᠠᠭᠠᠨ ᠪᠣᠯᠣᠨ ᠡᠳᠣᠮ ᠤᠨ ᠬᠠᠭᠠᠨ ᠲᠠᠢ ᠬᠠᠮᠲᠤ ᠬᠥᠳᠡᠯᠪᠡ᠃ ᠲᠡᠳᠡ ᠲᠣᠭᠣᠷᠢᠭᠤ ᠵᠠᠮ ᠢᠶᠠᠷ ᠳᠣᠯᠣᠭᠠᠨ ᠬᠣᠨᠣᠭ ᠶᠠᠪᠤᠬᠤ ᠳᠤ᠂ ᠴᠡᠷᠢᠭ ᠪᠣᠯᠣᠨ ᠲᠡᠳᠡᠨ ᠦ ᠠᠷᠤ ᠠᠴᠠ ᠶᠠᠪᠤᠭ᠎ᠠ ᠮᠠᠯ ᠰᠦᠷᠦᠭ ᠤᠤᠭᠤᠬᠤ ᠤᠰᠤ ᠦᠭᠡᠢ ᠪᠣᠯᠪᠠ᠃ 10 ᠢᠰᠷᠧᠯ ᠤᠨ ᠬᠠᠭᠠᠨ᠄ 《ᠶᠠᠭᠠᠬᠢᠳᠠᠭ ᠪᠢᠯᠡ︕ ᠶᠣᠬᠣᠸᠠ ᠡᠨᠡ ᠭᠤᠷᠪᠠᠨ ᠬᠠᠭᠠᠨ ᠢ ᠳᠠᠭᠤᠳᠠᠭᠠᠳ ᠮᠣᠶᠠᠪ ᠤᠨ ᠰᠠᠪᠠᠷ ᠲᠤ ᠲᠤᠰᠢᠶᠠᠬᠤ ᠨᠢ ᠡ》 ᠭᠡᠪᠡ᠃ 11 ᠬᠠᠷᠢᠨ ᠶᠧᠬᠣᠱᠠᠹᠠᠲ᠄ 《ᠶᠣᠬᠣᠸᠠ ᠶᠢᠨ ᠡᠰᠢ ᠦᠵᠡᠭᠦᠯᠦᠭᠴᠢ ᠡ᠊ᠨᠳᠡ ᠠᠯᠠᠭ᠎ᠠ ᠤᠤ︖ ᠪᠢᠳᠡ ᠲᠡᠭᠦᠨ ᠢᠶᠡᠷ ᠳᠠᠮᠵᠢᠭᠤᠯᠤᠨ ᠶᠣᠬᠣᠸᠠ ᠠᠴᠠ ᠠᠰᠠᠭᠤᠶ᠎ᠠ》 ᠭᠡᠪᠡ᠃ ᠢᠰᠷᠧᠯ ᠤᠨ ᠬᠠᠭᠠᠨ ᠤ ᠨᠢᠭᠡ ᠲᠦᠰᠢᠮᠡᠯ᠄ 《ᠱᠠᠹᠠᠲ ᠤᠨ ᠬᠦᠦ ᠡᠯᠢᠱᠠ ᠡ᠊ᠨᠳᠡ ᠪᠠᠢᠨ᠎ᠠ᠃ ᠲᠡᠷᠡ ᠧᠯᠢᠶ᠎ᠠ ᠶᠢᠨ ᠭᠠᠷ ᠳᠡᠭᠡᠷ᠎ᠡ ᠤᠰᠤ ᠬᠢᠵᠦ ᠥᠭᠳᠡᠭ ᠪᠠᠢᠭᠰᠠᠨ》 ᠭᠡᠵᠦ ᠬᠠᠷᠢᠭᠤᠯᠪᠠ᠃ 12 ᠶᠧᠬᠣᠱᠠᠹᠠᠲ᠄ 《ᠶᠣᠬᠣᠸᠠ ᠶᠢᠨ ᠦᠭᠡ ᠲᠡᠭᠦᠨ ᠲᠡᠢ ᠬᠠᠮᠲᠤ ᠪᠠᠢᠳᠠᠭ ᠪᠢᠯᠡ》 ᠭᠡᠰᠡᠨ ᠳᠦ᠂ ᠢᠰᠷᠧᠯ ᠤᠨ ᠬᠠᠭᠠᠨ ᠪᠡᠷ ᠶᠧᠬᠣᠱᠠᠹᠠᠲ ᠪᠣᠯᠣᠨ ᠡᠳᠣᠮ ᠤᠨ ᠬᠠᠭᠠᠨ ᠲᠠᠢ ᠬᠠᠮᠲᠤ ᠲᠡᠭᠦᠨ ᠤᠷᠤᠭᠤ ᠣᠴᠢᠪᠠ᠃

13 ᠡᠯᠢᠱᠠ ᠢᠰᠷᠧᠯ ᠤᠨ ᠬᠠᠭᠠᠨ ᠳᠤ᠄ 《ᠪᠢ ᠲᠠᠨ ᠲᠠᠢ ᠶᠠᠮᠠᠷ ᠬᠠᠮᠢᠶ᠎ᠠ ᠲᠠᠢ ᠶᠤᠮ ᠪᠤᠢ︖ ᠲᠠ ᠡᠴᠢᠭᠡ ᠡᠬᠡ ᠶᠢᠨ ᠢᠶᠠᠨ ᠡᠰᠢ ᠦᠵᠡᠭᠦᠯᠦᠭᠴᠢᠳ ᠤᠷᠤᠭᠤ ᠶᠠᠪᠤ》 ᠭᠡᠬᠦ ᠳᠦ᠂ ᠢᠰᠷᠧᠯ ᠤᠨ ᠬᠠᠭᠠᠨ ᠲᠡᠭᠦᠨ ᠳᠦ᠄ 《ᠦᠭᠡᠢ᠂ ᠶᠣᠬᠣᠸᠠ ᠥᠪᠡᠷ ᠢᠶᠡᠨ ᠪᠢᠳᠡ ᠭᠤᠷᠪᠠᠨ ᠬᠠᠭᠠᠨ ᠢ ᠳᠠᠭᠤᠳᠠᠭᠠᠳ ᠮᠣᠶᠠᠪ ᠤᠨ ᠭᠠᠷ ᠲᠤ ᠲᠤᠰᠢᠶᠠᠬᠤ ᠭᠡᠵᠦ ᠪᠠᠢᠭ᠎ᠠ ᠶᠤᠮ ᠴᠢᠨᠢ》 ᠭᠡᠪᠡ᠃ 14 ᠡᠯᠢᠱᠠ᠄ 《ᠮᠢᠨᠦ ᠦᠢᠯᠡᠴᠢᠯᠡᠳᠡᠭ᠌ ᠠᠤᠭ᠎ᠠ ᠬᠦᠴᠦᠲᠦ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠶᠦᠳᠠ ᠶᠢᠨ ᠬᠠᠭᠠᠨ ᠶᠧᠬᠣᠱᠠᠹᠠᠲ ᠲᠤ ᠬᠦᠨᠳᠦᠳᠬᠡᠯ ᠦᠵᠡᠭᠦᠯᠬᠦ ᠭᠡᠰᠡᠨ ᠦᠭᠡᠢ ᠪᠣᠯ ᠲᠠᠨ ᠤᠷᠤᠭᠤ ᠬᠠᠷᠠᠬᠤ ᠴᠤ ᠦᠭᠡᠢ᠂ ᠲᠠᠨ ᠢ ᠲᠣᠭᠣᠬᠤ ᠴᠤ ᠦᠭᠡᠢ ᠪᠠᠢᠬᠤ ᠰᠠᠨ᠃ 15 ᠣᠳᠣ ᠲᠠ ᠨᠠᠷ ᠴᠢᠪᠬᠠᠳᠠᠰᠤᠲᠤ ᠬᠥᠭᠵᠢᠮ ᠲᠣᠭᠯᠠᠳᠠᠭ ᠬᠥᠮᠦᠨ ᠢ ᠨᠠᠰᠢ ᠠᠪᠴᠢᠷᠠᠨ᠎ᠠ ᠤᠤ︖》 ᠭᠡᠪᠡ᠃ ᠥᠨᠥᠬᠢ ᠬᠥᠭᠵᠢᠮᠴᠢᠨ ᠲᠣᠭᠯᠠᠵᠤ ᠡᠬᠢᠯᠡᠬᠦ ᠳᠦ᠂ ᠶᠣᠬᠣᠸᠠ ᠶᠢᠨ ᠮᠤᠲᠤᠷ ᠡᠯᠢᠱᠠ ᠶᠢᠨ ᠳᠡᠭᠡᠷ᠎ᠡ ᠪᠠᠭᠤᠪᠠ᠃ 16 ᠲᠡᠷᠡ᠄ 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠡᠨᠡ ᠬᠠᠭᠤᠷᠠᠢ ᠭᠣᠣᠯ ᠤᠨ ᠬᠥᠨᠳᠡᠢ ᠪᠠᠷ ᠳᠦᠭᠦᠷᠡᠩ ᠰᠤᠪᠠᠭ ᠤᠬᠤᠭᠠᠷᠠᠢ〉 ᠭᠡᠰᠡᠨ᠃ 17 ᠶᠣᠬᠣᠸᠠ ᠪᠠᠰᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠰᠠᠯᠬᠢ ᠶᠢ ᠬᠠᠷᠠᠬᠤ ᠦᠭᠡᠢ᠂ ᠪᠣᠷᠣᠭᠠᠨ ᠢ ᠴᠤ ᠦᠵᠡᠬᠦ ᠦᠭᠡᠢ ᠪᠣᠯᠪᠠᠴᠤ ᠡᠨᠡ ᠬᠠᠭᠤᠷᠠᠢ ᠭᠣᠣᠯ ᠤᠰᠤ ᠪᠠᠷ ᠳᠦᠭᠦᠷᠬᠦ ᠪᠥᠭᠡᠳ ᠲᠠ ᠨᠠᠷ ᠪᠣᠯᠣᠨ ᠲᠠ ᠨᠠᠷ ᠤᠨ ᠮᠠᠯ ᠰᠦᠷᠦᠭ᠂ ᠲᠠ ᠨᠠᠷ ᠤᠨ ᠠᠳᠤᠭᠤᠰᠤ ᠠᠮᠢᠲᠠᠨ ᠴᠤ ᠤᠤᠭᠤᠬᠤ ᠪᠣᠯᠣᠨ᠎ᠠ᠃ 18 ᠶᠣᠬᠣᠸᠠ ᠶᠢᠨ ᠮᠡᠯᠮᠡᠢ ᠳᠦ ᠡᠨᠡ ᠨᠢ ᠬᠢᠯᠪᠠᠷᠬᠠᠨ ᠶᠤᠮ᠃ ᠲᠡᠷᠡ ᠪᠡᠷ ᠮᠣᠶᠠᠪ ᠢ ᠴᠤ ᠲᠠ ᠨᠠᠷ ᠤᠨ ᠭᠠᠷ ᠲᠤ ᠲᠤᠰᠢᠶᠠᠬᠤ ᠪᠣᠯᠣᠨ᠎ᠠ᠃ 19 ᠲᠠ ᠨᠠᠷ ᠪᠡᠬᠢᠯᠡᠯᠲᠡᠲᠦ ᠬᠣᠲᠠ ᠪᠣᠯᠣᠨ ᠭᠣᠣᠯ ᠬᠣᠲᠠ ᠪᠣᠯᠭᠠᠨ ᠢ ᠴᠣᠬᠢᠵᠤ᠂ ᠰᠠᠢᠨ ᠮᠣᠳᠣ ᠪᠣᠯᠭᠠᠨ ᠢ ᠤᠨᠠᠭᠠᠵᠤ᠂ ᠪᠤᠯᠠᠭ ᠪᠣᠯᠭᠠᠨ ᠢ ᠪᠥᠭᠯᠡᠵᠦ᠂ ᠦᠷᠡᠵᠢᠯ ᠰᠢᠮ᠎ᠡ ᠲᠠᠢ ᠭᠠᠵᠠᠷ ᠪᠣᠯᠭᠠᠨ ᠢ ᠴᠢᠯᠠᠭᠤ ᠪᠠᠷ ᠲᠠᠯᠬᠢᠳᠠᠬᠤ ᠪᠣᠯᠣᠨ᠎ᠠ〉 ᠭᠡᠰᠡᠨ》 ᠭᠡᠪᠡ᠃ 20 ᠥᠷᠯᠥᠭᠡ ᠨᠢ ᠲᠠᠬᠢᠯ ᠡᠷᠭᠦᠲᠡᠯ᠎ᠡ ᠡᠳᠣᠮ ᠤᠨ ᠲᠠᠯ᠎ᠠ ᠭᠠᠵᠠᠷ ᠠᠴᠠ ᠤᠰᠤ ᠤᠷᠤᠰᠤᠨ ᠢᠷᠡᠪᠡ︕ ᠲᠡᠷᠡ ᠭᠠᠵᠠᠷ ᠤᠰᠤ ᠪᠠᠷ ᠳᠦᠭᠦᠷᠦᠭᠰᠡᠨ ᠪᠠᠢᠯ᠎ᠠ᠃

21 ᠮᠣᠶᠠᠪᠴᠤᠳ ᠪᠦᠭᠦᠳᠡᠭᠡᠷ ᠢᠶᠡᠨ ᠲᠡᠳᠡᠭᠡᠷ ᠬᠠᠭᠠᠨ ᠤ ᠥᠪᠡᠷᠰᠡᠳ ᠦᠨ ᠬᠢᠨᠢ ᠡᠰᠡᠷᠭᠦ ᠪᠠᠢᠯᠳᠤᠬᠤ ᠪᠠᠷ ᠢᠷᠡᠭᠰᠡᠨ ᠢ ᠰᠣᠨᠣᠰᠣᠭᠠᠳ ᠬᠥᠭᠰᠢᠨ ᠵᠠᠯᠠᠭᠤ ᠦᠭᠡᠢ ᠵᠡᠪᠰᠡᠭ ᠪᠠᠷᠢᠬᠤ ᠴᠢᠳᠠᠪᠤᠷᠢ ᠲᠠᠢ ᠪᠦᠭᠦᠳᠡ ᠶᠢ ᠴᠤᠭᠯᠠᠭᠤᠯᠵᠤ᠂ ᠬᠢᠯᠢ ᠳᠡᠭᠡᠷ᠎ᠡ ᠪᠡᠨ ᠪᠠᠢᠷᠢᠯᠠᠭᠤᠯᠪᠠ᠃ 22 ᠥᠷᠯᠥᠭᠡ ᠡᠷᠲᠡ ᠪᠣᠰᠬᠤ ᠳᠤ᠂ ᠨᠠᠷᠠᠨ ᠤ ᠲᠤᠶᠠᠭ᠎ᠠ ᠤᠰᠤᠨ ᠳᠡᠭᠡᠷ᠎ᠡ ᠭᠢᠯᠪᠠᠭᠰᠠᠨ ᠢᠶᠠᠷ ᠴᠠᠭᠠᠨ᠎ᠠ ᠨᠢ ᠪᠠᠢᠭᠰᠠᠨ ᠮᠣᠶᠠᠪᠴᠤᠳ ᠲᠤ ᠲᠡᠷᠡ ᠤᠰᠤ ᠴᠢᠰᠤ ᠮᠡᠲᠦ ᠤᠯᠠᠭᠠᠨ ᠬᠠᠷᠠᠭᠳᠠᠵᠠᠢ᠃ 23 ᠲᠡᠳᠡ᠄ 《ᠲᠡᠷᠡ ᠴᠢᠨᠢ ᠴᠢᠰᠤ ᠪᠠᠢᠨ᠎ᠠ᠃ ᠬᠠᠭᠠᠳ ᠥᠪᠡᠷ ᠬᠣᠭᠣᠷᠣᠨᠳᠣ ᠪᠠᠨ ᠰᠢᠷᠦᠭᠦᠨ ᠲᠤᠯᠤᠯᠳᠤᠵᠤ᠂ ᠨᠢᠭᠡ ᠨᠢᠭᠡᠨ ᠢᠶᠡᠨ ᠬᠢᠳᠤᠭᠰᠠᠨ ᠪᠠᠢᠯᠭᠦᠢ︕ ᠮᠣᠶᠠᠪᠴᠤᠳ ᠡ᠂ ᠣᠳᠣ ᠣᠯᠵᠠ ᠤᠷᠤᠭᠤ ᠪᠠᠨ︕》 ᠭᠡᠵᠡᠭᠡᠯ᠎ᠡ᠃ 24 ᠬᠠᠷᠢᠨ ᠮᠣᠶᠠᠪᠴᠤᠳ ᠢᠰᠷᠧᠯ ᠤᠨ ᠬᠤᠸᠠᠷᠠᠨ ᠳᠤ ᠢᠷᠡᠲᠡᠯ᠎ᠡ ᠢᠰᠷᠧᠯᠴᠦᠳ ᠪᠣᠰᠴᠤ ᠳᠣᠪᠲᠣᠯᠣᠭᠰᠠᠨ ᠪᠣᠯᠬᠣᠷ ᠲᠡᠳᠡ ᠵᠢᠭᠤᠲᠠᠵᠠᠢ᠃ ᠢᠰᠷᠧᠯᠴᠦᠳ ᠮᠣᠶᠠᠪᠴᠤᠳ ᠤᠨ ᠨᠤᠲᠤᠭ ᠲᠤ ᠣᠷᠣᠭᠠᠳ ᠲᠡᠳᠡᠨ ᠢ ᠴᠣᠬᠢᠵᠤ᠂ 25 ᠲᠣᠰᠬᠣᠳ ᠢ ᠨᠢ ᠲᠠᠯᠬᠢᠳᠠᠵᠤ᠂ ᠬᠥᠮᠦᠨ ᠪᠣᠯᠭᠠᠨ ᠦᠷ᠎ᠡ ᠰᠢᠮ᠎ᠡ ᠲᠠᠢ ᠭᠠᠵᠠᠷ ᠪᠦᠷᠢ ᠳᠦᠨᠢ ᠴᠢᠯᠠᠭᠤ ᠬᠠᠶᠠᠨ ᠳᠦᠭᠦᠷᠭᠡᠵᠡᠢ᠃ ᠲᠡᠳᠡ ᠪᠦᠬᠦ ᠪᠤᠯᠠᠭ ᠢ ᠪᠥᠭᠯᠡᠵᠦ᠂ ᠪᠦᠬᠦ ᠰᠠᠢᠨ ᠮᠣᠳᠣᠳ ᠢ ᠤᠨᠠᠭᠠᠪᠠ᠃ ᠭᠠᠭᠴᠠ ᠬᠦ ᠺᠢᠷ ᠬᠠᠷᠧᠰᠧᠲ ᠤᠨ ᠪᠠᠷᠢᠯᠭ᠎ᠠ ᠯᠠ ᠦᠯᠡᠳᠡᠭᠰᠡᠨ ᠪᠣᠯᠪᠠᠴᠤ ᠲᠡᠷᠡ ᠬᠣᠲᠠ ᠶᠢ ᠮᠥᠨ ᠴᠢᠯᠠᠭᠤ ᠳᠦᠦᠭᠡᠦᠷᠳᠡᠭᠴᠢᠳ ᠪᠦᠰᠡᠯᠡᠨ ᠳᠣᠪᠲᠣᠯᠪᠠ᠃ 26 ᠮᠣᠶᠠᠪ ᠤᠨ ᠬᠠᠭᠠᠨ ᠲᠤᠯᠤᠯᠳᠤᠭᠠᠨ ᠳᠤ ᠥᠪᠡᠷ ᠦᠨ ᠢᠶᠠᠨ ᠬᠦᠴᠦᠨ ᠮᠡᠬᠦᠰᠳᠡᠵᠦ ᠪᠠᠢᠬᠤ ᠶᠢ ᠬᠠᠷᠠᠭᠠᠳ ᠢᠯᠳᠦ ᠪᠠᠷᠢᠭᠴᠢ ᠳᠣᠯᠣᠭᠠᠨ ᠵᠠᠭᠤᠨ ᠬᠥᠮᠦᠨ ᠢ ᠰᠢᠯᠢᠨ ᠠᠪᠴᠤ᠂ ᠡᠳᠣᠮ ᠤᠨ ᠬᠠᠭᠠᠨ ᠤ ᠪᠦᠰᠡᠯᠡᠯᠲᠡ ᠶᠢ ᠰᠢᠪᠲᠤᠯᠤᠨ ᠭᠠᠷᠬᠤ ᠭᠡᠰᠡᠨ ᠪᠣᠯᠪᠠᠴᠤ ᠴᠢᠳᠠᠭᠰᠠᠨ ᠦᠭᠡᠢ᠃ 27 ᠲᠡᠢᠮᠦ ᠡᠴᠡ ᠮᠣᠶᠠᠪ ᠤᠨ ᠬᠠᠭᠠᠨ ᠥᠪᠡᠷ ᠢ ᠨᠢ ᠵᠠᠯᠭᠠᠮᠵᠢᠯᠠᠨ ᠬᠠᠭᠠᠨ ᠪᠣᠯᠬᠤ ᠭᠡᠵᠦ ᠪᠠᠢᠭᠰᠠᠨ ᠤᠤᠭᠠᠨ ᠬᠦᠦ ᠪᠡᠨ ᠬᠡᠷᠡᠮ ᠦᠨ ᠳᠡᠭᠡᠷ᠎ᠡ ᠰᠢᠲᠠᠭᠠᠯᠭᠠᠲᠤ ᠲᠠᠬᠢᠯ ᠪᠣᠯᠭᠠᠨ ᠡᠷᠭᠦᠭᠰᠡᠨ ᠳᠦ᠂ ᠢᠰᠷᠧᠯ ᠤᠨ ᠳᠡᠭᠡᠷ᠎ᠡ ᠶᠡᠬᠡ ᠵᠢᠪᠡᠭᠦᠴᠡᠯ 4 ᠪᠠᠭᠤᠯ᠎ᠠ᠃ ᠢᠰᠷᠧᠯᠴᠦᠳ ᠤᠬᠤᠷᠢᠵᠤ᠂ ᠨᠤᠲᠤᠭ ᠤᠷᠤᠭᠤ ᠪᠠᠨ ᠪᠤᠴᠠᠵᠠᠭᠠᠭᠰᠠᠨ ᠪᠠᠢᠨ᠎ᠠ᠃