ᠬᠠᠭᠠᠳ ᠤᠨ ᠳᠡᠳ᠋ ᠬᠣᠷᠢᠨ ᠨᠢᠭᠡ
ᠶᠦᠳᠠ ᠶᠢᠨ ᠬᠠᠭᠠᠨ ᠮᠠᠨᠠᠰᠧ
1 ᠮᠠᠨᠠᠰᠧ ᠠᠷᠪᠠᠨ ᠬᠣᠶᠠᠷ ᠨᠠᠰᠤᠲᠠᠢ ᠳᠠᠭᠠᠨ ᠬᠠᠭᠠᠨ ᠪᠣᠯᠵᠤ ᠶᠧᠷᠦ᠋ᠰᠠᠯᠧᠮ ᠳᠤ ᠲᠠᠪᠢᠨ ᠲᠠᠪᠤᠨ ᠵᠢᠯ ᠬᠠᠭᠠᠨᠴᠢᠯᠠᠪᠠ᠃ ᠡᠬᠡ ᠨᠢ ᠾᠧᠹᠽᠢᠪᠠ ᠭᠡᠳᠡᠭ ᠪᠠᠢᠪᠠ᠃ 2 ᠬᠠᠷᠢᠨ ᠮᠠᠨᠠᠰᠧ ᠢᠰᠷᠧᠯᠴᠦᠳ ᠦᠨ ᠡᠮᠦᠨ᠎ᠡ ᠡᠴᠡ ᠶᠣᠬᠣᠸᠠ ᠶᠢᠨ ᠬᠥᠭᠡᠭᠡᠨ ᠭᠠᠷᠭᠠᠭᠰᠠᠨ ᠦᠨᠳᠦᠰᠦᠲᠡᠨ ᠨᠦᠭᠦᠳ ᠦᠨ ᠵᠢᠭᠰᠢᠭᠦᠷᠢᠲᠦ ᠶᠠᠪᠤᠳᠠᠯ ᠤᠳ ᠢ ᠳᠠᠭᠤᠷᠢᠶᠠᠵᠤ᠂ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠴᠡᠢ᠃ 3 ᠲᠡᠷᠡ ᠡᠴᠢᠭᠡ ᠾᠧᠽᠧᠺᠢᠶ᠎ᠠ ᠶᠢᠨ ᠢᠶᠠᠨ ᠤᠰᠠᠳᠬᠠᠭᠰᠠᠨ ᠮᠥᠷᠭᠥᠯ ᠦᠨ ᠮᠠᠨᠳᠠᠯ ᠤᠳ ᠢ ᠰᠡᠷᠭᠦᠭᠡᠨ ᠪᠠᠷᠢᠵᠤ᠂ ᠢᠰᠷᠧᠯ ᠤᠨ ᠬᠠᠭᠠᠨ ᠠᠬᠠᠪ ᠢ ᠳᠠᠭᠤᠷᠢᠶᠠᠵᠤ ᠪᠠᠯ ᠳᠤ ᠵᠣᠷᠢᠭᠤᠯᠤᠨ ᠲᠠᠬᠢᠯ ᠤᠨ ᠰᠢᠷᠡᠭᠡ ᠪᠣᠰᠬᠠᠨ᠂ ᠠᠱᠧᠷᠠ ᠶᠢᠨ ᠱᠣᠩ ᠢ ᠬᠢᠵᠦ᠂ ᠪᠠᠰᠠ ᠲᠩᠷᠢ ᠶᠢᠨ ᠠᠯᠢᠪᠠ ᠡᠷᠬᠡᠰ ᠲᠦ ᠪᠥᠬᠥᠢᠨ ᠮᠥᠷᠭᠥᠪᠡ᠃ 4 ᠤᠤᠯ ᠨᠢ ᠶᠣᠬᠣᠸᠠ ᠥᠪᠡᠷ ᠦᠨ ᠢᠶᠠᠨ ᠥᠷᠭᠥᠭᠡᠨ ᠦ ᠲᠤᠬᠠᠢ 《ᠶᠧᠷᠦ᠋ᠰᠠᠯᠧᠮ ᠳᠤ ᠪᠢ ᠥᠪᠡᠷ ᠦᠨ ᠢᠶᠠᠨ ᠨᠡᠷ᠎ᠡ ᠶᠢ ᠲᠠᠯᠪᠢᠨ᠎ᠠ》 ᠭᠡᠵᠦ ᠠᠢᠯᠠᠳᠤᠭᠰᠠᠨ ᠬᠢᠷᠢ ᠨᠢ ᠮᠠᠨᠠᠰᠧ ᠶᠠᠭ ᠲᠡᠨᠳᠡ ᠬᠦᠷᠲᠡᠯ᠎ᠡ ᠲᠠᠬᠢᠯ ᠤᠨ ᠰᠢᠷᠡᠭᠡ ᠨᠦᠭᠦᠳ ᠪᠣᠰᠬᠠᠵᠤ᠂ 5 ᠶᠣᠬᠣᠸᠠ ᠶᠢᠨ ᠥᠷᠭᠥᠭᠡᠨ ᠦ ᠬᠣᠶᠠᠷ ᠬᠦᠷᠢᠶᠡᠨ ᠳᠦ ᠲᠩᠷᠢ ᠶᠢᠨ ᠠᠯᠢᠪᠠ ᠡᠷᠬᠡᠰ ᠲᠦ ᠵᠣᠷᠢᠭᠤᠯᠤᠨ ᠲᠠᠬᠢᠯ ᠤᠨ ᠰᠢᠷᠡᠭᠡ ᠨᠦᠭᠦᠳ ᠪᠣᠰᠬᠠᠪᠠ᠃ 6 ᠲᠡᠷᠡ ᠬᠦᠦ ᠪᠡᠨ ᠭᠠᠯ ᠳᠤᠮᠳᠠᠭᠤᠷ ᠶᠠᠪᠤᠭᠤᠯᠤᠨ᠂ ᠮᠡᠷᠭᠡ ᠲᠥᠯᠭᠡ ᠪᠠ ᠷᠢᠳᠢ ᠰᠢᠳᠢ ᠶᠢ ᠦᠢᠯᠡᠳᠴᠦ᠂ ᠰᠦᠨᠡᠰᠦ ᠳᠠᠭᠤᠳᠠᠭᠴᠢᠳ ᠪᠣᠯᠣᠨ ᠰᠢᠳᠢᠲᠡᠨ ᠨᠦᠭᠦᠳ ᠡᠴᠡ ᠠᠰᠠᠭᠤᠭᠰᠠᠭᠠᠷ᠂ ᠶᠣᠬᠣᠸᠠ ᠶᠢᠨ ᠮᠡᠯᠮᠡᠢ ᠳᠦ ᠶᠡᠬᠡ ᠪᠤᠵᠠᠷ ᠮᠠᠭᠤ ᠶᠢ ᠦᠢᠯᠡᠳᠦᠨ ᠲᠡᠭᠦᠨ ᠢ ᠬᠢᠯᠢᠩᠨᠡᠭᠦᠯᠦᠭᠰᠡᠨ ᠪᠥᠭᠡᠳ 7 ᠥᠪᠡᠷ ᠦᠨ ᠢᠶᠠᠨ ᠪᠦᠲᠦᠭᠡᠭᠰᠡᠨ ᠠᠱᠧᠷᠠ ᠶᠢᠨ ᠰᠡᠢᠯᠦᠮᠡᠯ ᠱᠣᠩ ᠢ ᠨᠥᠭᠥᠭᠡ ᠥᠷᠭᠥᠭᠡᠨ ᠳᠣᠲᠣᠷ᠎ᠠ ᠲᠠᠯᠪᠢᠪᠠ᠃ ᠲᠡᠷᠡ ᠥᠷᠭᠥᠭᠡᠨ ᠦ ᠲᠤᠬᠠᠢ ᠶᠣᠬᠣᠸᠠ ᠤᠷᠢᠳᠤ ᠨᠢ ᠳ᠋ᠠᠸᠢᠳ᠋ ᠪᠣᠯᠣᠨ ᠲᠡᠭᠦᠨ ᠦ ᠬᠦᠦ ᠰᠣᠯᠣᠮᠣᠨ ᠳᠤ ᠠᠢᠯᠠᠳᠤᠨ᠄ 《ᠢᠰᠷᠧᠯ ᠤᠨ ᠣᠪᠣᠭ ᠤᠳ ᠤᠨ ᠪᠦᠬᠦ ᠭᠠᠵᠠᠷ ᠠᠴᠠ ᠮᠢᠨᠦ ᠰᠢᠯᠢᠵᠦ ᠠᠪᠤᠭᠰᠠᠨ ᠡᠨᠡ ᠥᠷᠭᠥᠭᠡ ᠪᠠ ᠶᠧᠷᠦ᠋ᠰᠠᠯᠧᠮ ᠳᠡᠭᠡᠷ᠎ᠡ ᠪᠢ ᠥᠪᠡᠷ ᠦᠨ ᠢᠶᠠᠨ ᠨᠡᠷ᠎ᠡ ᠶᠢ ᠡᠭᠦᠷᠢᠳᠡ ᠲᠠᠯᠪᠢᠬᠤ ᠪᠣᠯᠣᠨ᠎ᠠ᠃ 8 ᠢᠰᠷᠧᠯ ᠵᠥᠪᠬᠡᠨ ᠮᠢᠨᠦ ᠲᠤᠰᠢᠶᠠᠭᠰᠠᠨ ᠪᠦᠬᠦᠨ᠂ ᠮᠥᠨ ᠮᠢᠨᠦ ᠵᠠᠷᠤᠴᠠ ᠮᠣᠰᠧ ᠶᠢᠨ ᠲᠤᠰᠢᠶᠠᠭᠰᠠᠨ ᠪᠦᠬᠦ ᠬᠠᠤᠯᠢ ᠶᠢ ᠰᠠᠬᠢᠨ ᠦᠢᠯᠡᠳᠪᠡᠯ᠂ ᠪᠢ ᠢᠰᠷᠧᠯᠴᠦᠳ ᠦᠨ ᠬᠥᠯ ᠢ ᠡᠴᠢᠭᠡ ᠡᠪᠦᠭᠡᠳ ᠲᠤᠨᠢ ᠥᠭᠭᠥᠭᠰᠡᠨ ᠨᠤᠲᠤᠭ ᠤᠨ ᠭᠠᠳᠠᠨ᠎ᠠ ᠳᠠᠬᠢᠨ ᠬᠡᠵᠢᠶ᠎ᠡ ᠴᠤ ᠲᠡᠨᠦᠭᠦᠴᠢᠯᠡᠭᠦᠯᠬᠦ ᠦᠭᠡᠢ》 ᠭᠡᠰᠡᠨ ᠪᠢᠯᠡ᠃ 9 ᠭᠡᠪᠡᠴᠦ ᠲᠡᠳᠡ ᠰᠣᠨᠣᠰᠣᠭᠰᠠᠨ ᠦᠭᠡᠢ ᠪᠥᠭᠡᠳ ᠮᠠᠨᠠᠰᠧ ᠳᠤ ᠤᠷᠤᠭᠤ ᠲᠠᠲᠠᠭᠳᠠᠨ᠂ ᠢᠰᠷᠧᠯᠴᠦᠳ ᠦᠨ ᠡᠮᠦᠨ᠎ᠡ ᠡᠴᠡ ᠶᠣᠬᠣᠸᠠ ᠶᠢᠨ ᠤᠰᠠᠳᠬᠠᠭᠰᠠᠨ ᠦᠨᠳᠦᠰᠦᠲᠡᠨ ᠨᠦᠭᠦᠳ ᠡᠴᠡ ᠴᠤ ᠢᠯᠡᠭᠦᠦ ᠪᠡᠷ ᠪᠤᠵᠠᠷ ᠮᠠᠭᠤ ᠶᠢ ᠦᠢᠯᠡᠳᠴᠡᠢ᠃
10 ᠶᠣᠬᠣᠸᠠ ᠵᠠᠷᠤᠴᠠ ᠡᠰᠢ ᠦᠵᠡᠭᠦᠯᠦᠭᠴᠢᠳ ᠢᠶᠠᠷ ᠢᠶᠠᠨ ᠳᠠᠮᠵᠢᠭᠤᠯᠤᠨ ᠠᠢᠯᠠᠳᠬᠤ ᠳᠠᠭᠠᠨ᠄ 11 《ᠶᠦᠳᠠ ᠶᠢᠨ ᠬᠠᠭᠠᠨ ᠮᠠᠨᠠᠰᠧ ᠡᠳᠡᠭᠡᠷ ᠵᠢᠭᠰᠢᠭᠦᠷᠢᠲᠦ ᠨᠢᠭᠦᠯ ᠢ ᠦᠢᠯᠡᠳᠴᠡᠢ᠃ ᠲᠡᠷᠡ ᠪᠡᠷ ᠥᠪᠡᠷ ᠡᠴᠡ ᠨᠢ ᠡᠮᠦᠨ᠎ᠡ ᠪᠠᠢᠭᠰᠠᠨ ᠠᠮᠣᠷᠢᠴᠤᠳ ᠤᠨ ᠬᠢᠭᠰᠡᠨ ᠡᠴᠡ ᠢᠯᠡᠭᠦᠦ ᠪᠤᠵᠠᠷ ᠮᠠᠭᠤ ᠶᠢ ᠦᠢᠯᠡᠳᠦᠨ ᠰᠢᠲᠦᠭᠡᠨ ᠨᠦᠭᠦᠳ ᠢᠶᠡᠷ ᠢᠶᠠᠨ ᠶᠦᠳᠠ ᠶᠢ ᠨᠢᠭᠦᠯ ᠦᠢᠯᠡᠳᠦᠭᠦᠯᠦᠭᠰᠡᠨ᠂ 12 ᠲᠡᠢᠮᠦ ᠡᠴᠡ ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠶᠧᠷᠦ᠋ᠰᠠᠯᠧᠮ ᠪᠣᠯᠣᠨ ᠶᠦᠳᠠ ᠳᠡᠭᠡᠷ᠎ᠡ ᠭᠠᠢ ᠵᠣᠪᠠᠯᠠᠩ ᠢᠯᠡᠭᠡᠨ᠎ᠡ︕ ᠡᠭᠦᠨ ᠢ ᠰᠣᠨᠣᠰᠣᠭᠰᠠᠨ ᠬᠡᠨ ᠦ ᠴᠤ ᠬᠣᠶᠠᠷ ᠴᠢᠬᠢ ᠬᠠᠩᠭᠢᠨᠠᠬᠤ ᠪᠣᠯᠣᠨ᠎ᠠ᠃ 13 ᠪᠢ ᠰᠠᠮᠠᠷᠢᠶ᠎ᠠ ᠶᠢᠨ ᠬᠡᠮᠵᠢᠭᠦᠷ ᠣᠯᠣᠰᠣ ᠪᠣᠯᠣᠨ ᠠᠬᠠᠪ ᠤᠨ ᠭᠡᠷ ᠦᠨ ᠡᠭᠴᠡᠯᠡᠭᠦᠷ ᠢ ᠶᠧᠷᠦ᠋ᠰᠠᠯᠧᠮ ᠤᠨ ᠳᠡᠭᠡᠭᠦᠷ ᠰᠤᠩ᠋ᠭᠠᠨᠠ᠃ ᠬᠥᠮᠦᠨ ᠲᠠᠪᠠᠭ ᠢᠶᠠᠨ ᠠᠷᠴᠢᠭᠠᠳ ᠬᠥᠮᠥᠷᠢᠳᠡᠭ ᠰᠢᠭ ᠪᠢ ᠶᠧᠷᠦ᠋ᠰᠠᠯᠧᠮ ᠢ ᠠᠷᠴᠢᠵᠤ ᠬᠠᠶᠠᠨ᠎ᠠ᠃ 14 ᠪᠢ ᠥᠪᠡᠷ ᠦᠨ ᠢᠶᠠᠨ ᠥᠮᠴᠢ ᠶᠢᠨ ᠦᠯᠡᠳᠡᠭᠰᠡᠳ ᠢ ᠣᠷᠬᠢᠵᠤ᠂ ᠳᠠᠢᠰᠤᠨ ᠤ ᠬᠢᠨᠢ ᠭᠠᠷ ᠲᠤ ᠥᠭᠬᠦ ᠪᠥᠭᠡᠳ ᠲᠡᠳᠡ ᠪᠦᠬᠦ ᠳᠠᠢᠰᠤᠨ ᠳᠠᠭᠠᠨ ᠳᠡᠭᠡᠷᠡᠮᠳᠡᠭᠦᠯᠦᠨ ᠣᠯᠵᠠᠯᠠᠭᠳᠠᠨ᠎ᠠ᠃ 15 ᠤᠴᠢᠷ ᠨᠢ ᠲᠡᠳᠡᠨ ᠦ ᠡᠴᠢᠭᠡ ᠡᠪᠦᠭᠡᠳ ᠶᠧᠵᠢᠫᠲ ᠡᠴᠡ ᠭᠠᠷᠤᠭᠰᠠᠨ ᠡᠳᠦᠷ ᠡᠴᠡ ᠡᠬᠢᠯᠡᠭᠡᠳ ᠥᠨᠥᠳᠥᠷ ᠬᠦᠷᠲᠡᠯ᠎ᠡ ᠮᠢᠨᠦ ᠮᠡᠯᠮᠡᠢ ᠳᠦ ᠪᠤᠵᠠᠷ ᠮᠠᠭᠤ ᠶᠢ ᠦᠢᠯᠡᠳᠴᠦ᠂ ᠨᠠᠮᠠᠶᠢ ᠬᠢᠯᠢᠩᠨᠡᠭᠦᠯᠦᠭᠰᠡᠨ ᠶᠤᠮ〉》 ᠭᠡᠵᠡᠢ᠃
16 ᠮᠠᠨᠠᠰᠧ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠬᠢᠭᠰᠡᠨ ᠢᠶᠡᠷ ᠢᠶᠠᠨ ᠶᠦᠳᠠ ᠶᠢ ᠨᠢᠭᠦᠯ ᠦᠢᠯᠡᠳᠦᠭᠦᠯᠦᠭᠰᠡᠨ ᠨᠢᠭᠦᠯ ᠡᠴᠡ ᠪᠡᠨ ᠭᠠᠳᠠᠨ᠎ᠠ᠂ ᠭᠡᠮ ᠦᠭᠡᠢ ᠴᠢᠰᠤ ᠶᠢ ᠴᠤ ᠦᠯᠡᠮᠵᠢ ᠶᠡᠬᠡ ᠤᠷᠤᠰᠬᠠᠨ ᠶᠧᠷᠦ᠋ᠰᠠᠯᠧᠮ ᠤᠨ ᠨᠢᠭᠡ ᠵᠠᠬ᠎ᠠ ᠠᠴᠠ ᠨᠥᠭᠥᠭᠡ ᠵᠠᠬ᠎ᠠ ᠬᠦᠷᠲᠡᠯ᠎ᠡ ᠳᠦᠭᠦᠷᠭᠡᠭᠰᠡᠨ ᠪᠢᠯᠡ᠃
17 ᠮᠠᠨᠠᠰᠧ ᠶᠢᠨ ᠪᠤᠰᠤᠳ ᠶᠠᠪᠤᠳᠠᠯ ᠪᠣᠯᠣᠨ ᠲᠡᠭᠦᠨ ᠦ ᠬᠢᠭᠰᠡᠨ ᠪᠦᠬᠦᠨ᠂ ᠲᠡᠭᠦᠨ ᠦ ᠦᠢᠯᠡᠳᠦᠭᠰᠡᠨ ᠨᠢᠭᠦᠯ ᠤᠳ ᠶᠦᠳᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 18 ᠮᠠᠨᠠᠰᠧ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠰᠠᠨ ᠳᠤ᠂ ᠬᠥᠮᠦᠰ ᠲᠡᠭᠦᠨ ᠢ ᠭᠡᠷ ᠦᠨ ᠬᠢᠨᠢ ᠴᠡᠴᠡᠷᠯᠢᠭ᠂ ᠦᠽᠽᠠ ᠶᠢᠨ ᠴᠡᠴᠡᠷᠯᠢᠭ ᠲᠤ ᠣᠷᠣᠰᠢᠭᠤᠯᠪᠠ᠃ ᠬᠦᠦ ᠠᠮᠣᠨ ᠨᠢ ᠲᠡᠭᠦᠨ ᠢ ᠵᠠᠯᠭᠠᠮᠵᠢᠯᠠᠨ ᠬᠠᠭᠠᠨ ᠪᠣᠯᠵᠠᠢ᠃
ᠶᠦᠳᠠ ᠶᠢᠨ ᠬᠠᠭᠠᠨ ᠠᠮᠣᠨ
19 ᠠᠮᠣᠨ ᠬᠣᠷᠢᠨ ᠬᠣᠶᠠᠷ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠬᠣᠶᠠᠷ ᠵᠢᠯ ᠬᠠᠭᠠᠨᠴᠢᠯᠠᠪᠠ᠃ ᠡᠬᠡ ᠨᠢ ᠶᠣᠲ᠋ᠪᠠ ᠬᠥᠮᠦᠨ ᠬᠠᠷᠦ᠋ᠽ ᠤᠨ ᠥᠬᠢᠨ ᠮᠧᠱᠦ᠋ᠯᠧᠮᠧᠲ ᠪᠠᠢᠪᠠ᠃ 20 ᠠᠮᠣᠨ ᠡᠴᠢᠭᠡ ᠮᠠᠨᠠᠰᠧ ᠶᠢᠨ ᠢᠶᠠᠨ ᠦᠢᠯᠡᠳᠦᠭᠰᠡᠨ ᠦ ᠠᠳᠠᠯᠢ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠪᠡ᠃ 21 ᠲᠡᠷᠡ ᠪᠡᠷ ᠡᠴᠢᠭᠡ ᠶᠢᠨ ᠢᠶᠠᠨ ᠶᠠᠪᠤᠭᠰᠠᠨ ᠪᠦᠬᠦ ᠵᠠᠮ ᠢᠶᠠᠷ ᠶᠠᠪᠤᠵᠤ᠂ ᠡᠴᠢᠭᠡ ᠶᠢᠨ ᠢᠶᠠᠨ ᠦᠢᠯᠡᠴᠢᠯᠡᠵᠦ ᠪᠠᠢᠭᠰᠠᠨ ᠰᠢᠲᠦᠭᠡᠨ ᠨᠦᠭᠦᠳ ᠲᠦ ᠦᠢᠯᠡᠴᠢᠯᠡᠵᠦ᠂ ᠲᠡᠳᠡᠭᠡᠷ ᠲᠦ ᠮᠥᠷᠭᠥᠭᠰᠡᠨ ᠪᠢᠯᠡ᠃ 22 ᠲᠡᠷᠡ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢ ᠣᠷᠬᠢᠵᠤ᠂ ᠶᠣᠬᠣᠸᠠ ᠶᠢᠨ ᠵᠠᠮ ᠢᠶᠠᠷ ᠶᠠᠪᠤᠭ᠎ᠠ ᠦᠭᠡᠢ᠃ 23 ᠠᠮᠣᠨ ᠤ ᠲᠦᠰᠢᠮᠡᠳ ᠲᠡᠭᠦᠨ ᠦ ᠡᠰᠡᠷᠭᠦ ᠬᠤᠤᠪᠢᠯᠳᠤᠵᠤ᠂ ᠬᠠᠭᠠᠨ ᠢ ᠥᠪᠡᠷ ᠦᠨ ᠬᠢᠨᠢ ᠣᠷᠳᠣᠨ ᠳᠤ ᠠᠯᠠᠪᠠ᠃ 24 ᠬᠠᠷᠢᠨ ᠲᠡᠷᠡ ᠭᠠᠵᠠᠷ ᠤᠨ ᠠᠷᠠᠳ ᠲᠦᠮᠡᠨ ᠠᠮᠣᠨ ᠬᠠᠭᠠᠨ ᠤ ᠡᠰᠡᠷᠭᠦ ᠬᠤᠤᠪᠢᠯᠳᠤᠭᠰᠠᠨ ᠪᠦᠬᠦ ᠬᠥᠮᠦᠨ ᠢ ᠠᠯᠠᠵᠤ᠂ ᠲᠡᠭᠦᠨ ᠦ ᠣᠷᠣᠨ ᠳᠤ ᠬᠦᠦ ᠶᠣᠰᠢᠶ᠎ᠠ ᠶᠢ ᠨᠢ ᠬᠠᠭᠠᠨ ᠪᠣᠯᠭᠠᠵᠠᠢ᠃ 25 ᠠᠮᠣᠨ ᠤ ᠪᠤᠰᠤᠳ ᠦᠢᠯᠡ ᠶᠠᠪᠤᠳᠠᠯ ᠶᠦᠳᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 26 ᠲᠡᠷᠡ ᠪᠡᠷ ᠦᠽᠽᠠ ᠶᠢᠨ ᠴᠡᠴᠡᠷᠯᠢᠭ ᠳᠠᠬᠢ ᠥᠪᠡᠷ ᠦᠨ ᠢᠶᠠᠨ ᠪᠤᠯᠠᠰᠢᠨ ᠳᠤ ᠪᠤᠯᠠᠰᠢᠯᠠᠭᠳᠠᠵᠠᠢ᠃ ᠬᠦᠦ ᠶᠣᠰᠢᠶ᠎ᠠ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃