1 2 3 4 5 6 7 8 9 10 11 12 13 14 15 16 17 18 19 20 21 22 23 24 25


ᠬᠠᠭᠠᠳ ᠤᠨ ᠳᠡᠳ᠋ ᠳᠥᠷᠪᠡ
 ᠪᠡᠯᠪᠡᠰᠦᠨ ᠡᠮᠡᠭᠲᠡᠢ ᠶᠢᠨ ᠲᠣᠰᠣ

1 ᠨᠢᠭᠡᠨ ᠡᠰᠢ ᠦᠵᠡᠭᠦᠯᠦᠭᠴᠢ ᠱᠠᠪᠢ ᠶᠢᠨ ᠡᠬᠡᠨᠡᠷ ᠡᠯᠢᠱᠠ ᠤᠷᠤᠭᠤ ᠬᠠᠰᠬᠢᠷᠤᠨ᠄ 《ᠲᠠᠨ ᠤ ᠵᠠᠷᠤᠴᠠ ᠮᠢᠨᠦ ᠨᠥᠬᠥᠷ ᠥᠭᠡᠳᠡ ᠪᠣᠯᠣᠭᠰᠠᠨ᠃ ᠲᠡᠭᠦᠨ ᠦ ᠶᠣᠬᠣᠸᠠ ᠠᠴᠠ ᠡᠮᠢᠶᠡᠳᠡᠭ ᠪᠠᠢᠭᠰᠠᠨ ᠢ ᠲᠠ ᠮᠡᠳᠡᠳᠡᠭ ᠪᠢᠯᠡ᠃ ᠠᠪᠴᠠᠭ᠎ᠠ ᠶᠢᠨ ᠡᠵᠡᠨ ᠬᠣᠶᠠᠷ ᠬᠡᠦᠬᠡᠳ ᠢ ᠮᠢᠨᠢ ᠪᠣᠭᠣᠯ ᠢᠶᠠᠨ ᠪᠣᠯᠭᠠᠵᠤ ᠠᠪᠬᠤ ᠪᠠᠷ ᠢᠷᠡᠬᠦ ᠭᠡᠵᠦ ᠪᠠᠢᠨ᠎ᠠ》 ᠭᠡᠵᠡᠢ᠃ 2 ᠡᠯᠢᠱᠠ ᠲᠡᠭᠦᠨ ᠳᠦ᠄ 《ᠲᠠᠨ ᠤ ᠲᠥᠯᠥᠭᠡ ᠪᠢ ᠶᠠᠭᠤ ᠬᠢᠬᠦ ᠶᠣᠰᠣᠲᠠᠢ ᠪᠤᠢ︖ ᠭᠡᠷ ᠲᠦ ᠴᠢᠨᠢ ᠶᠠᠭᠤ ᠪᠠᠢᠭ᠎ᠠ ᠪᠠᠨ ᠨᠠᠳᠠ ᠳᠤ ᠬᠡᠯᠡᠭᠡᠷᠡᠢ》 ᠭᠡᠬᠦ ᠳᠦ᠂ ᠡᠮᠡᠭᠲᠡᠢ᠄ 《ᠰᠢᠪᠡᠭᠴᠢᠨ ᠳᠤ ᠲᠠᠨᠢ ᠨᠢᠭᠡ ᠸᠠᠭᠠᠷ ᠲᠣᠰᠣᠨ ᠠᠴᠠ ᠥᠭᠡᠷ᠎ᠡ ᠶᠠᠭᠤ ᠴᠤ ᠠᠯᠠᠭ᠎ᠠ》 ᠭᠡᠪᠡ᠃ 3 ᠡᠯᠢᠱᠠ ᠲᠡᠭᠦᠨ ᠳᠦ᠄ 《ᠪᠦᠬᠦ ᠬᠥᠷᠰᠢ ᠶᠢᠨ ᠬᠢᠨ ᠢᠶᠠᠷ ᠢᠶᠠᠨ ᠣᠴᠢᠵᠤ᠂ ᠬᠣᠭᠣᠰᠣᠨ ᠰᠠᠪᠠ ᠭᠤᠶᠤᠵᠤ ᠣᠯ᠂ ᠴᠥᠭᠡᠨ ᠪᠠᠢᠵᠤ ᠪᠣᠯᠬᠤ ᠦᠭᠡᠢ᠃ 4 ᠲᠡᠭᠡᠭᠡᠳ ᠬᠥᠪᠡᠭᠦᠳ ᠢᠶᠡᠨ ᠳᠠᠭᠠᠭᠤᠯᠤᠨ ᠳᠣᠲᠣᠭᠰᠢ ᠣᠷᠣᠵᠤ ᠬᠠᠭᠠᠯᠭ᠎ᠠ ᠪᠠᠨ ᠬᠠᠭᠠᠭᠠᠳ ᠪᠦᠬᠦ ᠰᠠᠪᠠᠨ ᠳᠠᠭᠠᠨ ᠲᠣᠰᠣ ᠬᠢᠵᠦ᠂ ᠳᠦᠭᠦᠷᠦᠭᠰᠡᠨ ᠢ ᠨᠢ ᠬᠠᠵᠠᠭᠤ ᠲᠡᠰᠢ ᠲᠠᠯᠪᠢᠭᠠᠷᠠᠢ》 ᠭᠡᠪᠡ᠃ 5 ᠲᠡᠷᠡ ᠡᠮᠡᠭᠲᠡᠢ ᠲᠡᠭᠦᠨ ᠡᠴᠡ ᠠᠶᠠᠷᠯᠠᠨ ᠶᠠᠪᠤᠵᠤ᠂ ᠳᠠᠷᠠᠭ᠎ᠠ ᠨᠢ ᠬᠣᠶᠠᠷ ᠬᠥᠪᠡᠭᠦᠨ ᠲᠡᠢ ᠪᠡᠨ ᠬᠠᠮᠲᠤ ᠡᠭᠦᠳᠡ ᠪᠡᠨ ᠬᠠᠭᠠᠪᠠ᠃ ᠬᠥᠪᠡᠭᠦᠳ ᠨᠢ ᠰᠠᠪᠠ ᠨᠤᠭᠤᠳ ᠠᠪᠴᠢᠷᠠᠬᠤ ᠳᠤ᠂ ᠲᠡᠷᠡ ᠡᠮᠡᠭᠲᠡᠢ ᠶᠡᠭᠦᠯᠡᠨ ᠬᠢᠭᠰᠡᠭᠡᠷ ᠪᠠᠢᠯ᠎ᠠ᠃ 6 ᠰᠠᠪᠠ ᠨᠤᠭᠤᠳ ᠳᠦᠭᠦᠷᠬᠦ ᠳᠦ᠂ ᠲᠡᠷᠡ ᠪᠡᠷ ᠬᠦᠦ ᠳᠡᠭᠡᠨ᠄ 《ᠥᠭᠡᠷ᠎ᠡ ᠰᠠᠪᠠ ᠠᠪᠴᠢᠷᠠ》 ᠭᠡᠯ᠎ᠡ᠃ ᠬᠦᠦ ᠨᠢ᠄ 《ᠥᠭᠡᠷ᠎ᠡ ᠰᠠᠪᠠ ᠠᠯᠠᠭ᠎ᠠ》 ᠬᠡᠮᠡᠲᠡᠯ᠎ᠡ᠂ ᠲᠣᠰᠣ ᠭᠠᠷᠬᠤ ᠪᠠᠨ ᠪᠣᠯᠢᠵᠠᠢ᠃ 7 ᠲᠡᠷᠡ ᠡᠮᠡᠭᠲᠡᠢ ᠪᠤᠷᠬᠠᠨ ᠤ ᠬᠥᠮᠦᠨ ᠳᠦ ᠣᠴᠢᠵᠤ ᠳᠤᠭᠤᠯᠭᠠᠬᠤ ᠳᠤ᠂ ᠲᠡᠷᠡ᠄ 《ᠣᠳᠣ ᠲᠠ ᠲᠣᠰᠣ ᠪᠠᠨ ᠬᠤᠳᠠᠯᠳᠤᠭᠠᠳ ᠥᠷᠢ ᠪᠠᠨ ᠲᠥᠯᠥᠭᠡᠷᠡᠢ᠃ ᠦᠯᠡᠳᠡᠭᠰᠡᠨ ᠢᠶᠡᠷ ᠨᠢ ᠲᠠ ᠬᠥᠪᠡᠭᠦᠳ ᠲᠡᠢ ᠪᠡᠨ ᠠᠮᠢ ᠵᠢᠭᠤᠵᠤ ᠪᠣᠯᠣᠨ᠎ᠠ》 ᠭᠡᠪᠡ᠃
 ᠠᠮᠢ ᠣᠷᠣᠭᠰᠠᠨ ᠬᠦᠦ

8 ᠨᠢᠭᠡᠨ ᠡᠳᠦᠷ ᠡᠯᠢᠱᠠ ᠱᠦᠨᠧᠮ ᠳᠤ ᠣᠴᠢᠪᠠ᠃ ᠲᠡᠨᠳᠡ ᠨᠢᠭᠡᠨ ᠪᠠᠶᠠᠨ ᠡᠮᠡᠭᠲᠡᠢ ᠪᠠᠢᠭᠰᠠᠨ ᠪᠥᠭᠡᠳ ᠲᠡᠷᠡ ᠡᠯᠢᠱᠠ ᠶᠢ ᠱᠠᠯᠠᠭᠰᠠᠭᠠᠷ ᠪᠠᠢᠭᠠᠳ ᠬᠣᠭᠣᠯᠠ ᠢᠳᠡᠭᠦᠯᠵᠡᠢ᠃ ᠢᠩᠭᠢᠭᠡᠳ ᠡᠯᠢᠱᠠ ᠲᠡᠷᠡ ᠭᠠᠵᠠᠷ ᠢᠶᠠᠷ ᠥᠩᠭᠡᠷᠡᠬᠦ ᠪᠣᠯᠭᠠᠨ ᠳᠠᠭᠠᠨ ᠲᠡᠭᠦᠨ ᠦ ᠳᠦ ᠣᠷᠣᠵᠤ ᠬᠣᠭᠣᠯᠠᠯᠠᠳᠠᠭ ᠪᠣᠯᠵᠠᠢ᠃ 9 ᠲᠡᠷᠡ ᠡᠮᠡᠭᠲᠡᠢ ᠨᠥᠬᠥᠷ ᠲᠡᠭᠡᠨ᠄ 《ᠬᠠᠷᠠ᠂ ᠮᠠᠨ ᠤ ᠬᠢ ᠪᠠᠷ ᠦᠷᠭᠦᠯᠵᠢ ᠳᠠᠭᠠᠷᠢᠨ ᠥᠩᠭᠡᠷᠡᠳᠡᠭ ᠲᠡᠷᠡ ᠬᠥᠮᠦᠨ ᠪᠤᠷᠬᠠᠨ ᠤ ᠠᠷᠢᠭᠤᠨ ᠬᠥᠮᠦᠨ ᠮᠥᠨ ᠭᠡᠳᠡᠭ ᠢ ᠪᠢ ᠮᠡᠳᠡᠭᠰᠡᠨ᠃ 10 ᠳᠡᠭᠡᠪᠦᠷ ᠳᠡᠭᠡᠷ᠎ᠡ ᠲᠡᠭᠦᠨ ᠳᠦ ᠵᠢᠵᠢᠭ ᠥᠷᠥᠭᠡ ᠲᠥᠪᠬᠢᠨᠡᠭᠦᠯᠵᠦ᠂ ᠣᠷᠣ᠂ ᠰᠢᠷᠡᠭᠡ᠂ ᠰᠠᠨᠳᠠᠯᠢ᠂ ᠳ᠋ᠧᠩ ᠤᠨ ᠰᠠᠭᠤᠷᠢ ᠲᠠᠯᠪᠢᠵᠤ ᠥᠭᠭᠥᠶ᠎ᠡ᠃ ᠲᠡᠭᠡᠪᠡᠯ ᠲᠡᠷᠡ ᠮᠠᠨ ᠤ ᠳᠤ ᠢᠷᠡᠬᠦ ᠳᠡᠭᠡᠨ ᠲᠡᠨᠳᠡ ᠰᠠᠭᠤᠬᠤ ᠪᠣᠯᠣᠨ᠎ᠠ》 ᠭᠡᠪᠡ᠃

11 ᠨᠢᠭᠡᠨ ᠡᠳᠦᠷ ᠡᠯᠢᠱᠠ ᠢᠷᠡᠭᠡᠳ ᠲᠡᠷᠡ ᠥᠷᠥᠭᠡᠨ ᠳᠦ ᠣᠷᠣᠵᠤ᠂ ᠠᠮᠠᠷᠠᠬᠤ ᠪᠣᠯᠪᠠ᠃ 12 ᠡᠯᠢᠱᠠ ᠵᠠᠷᠤᠴᠠ ᠭᠧᠬᠠᠽᠢ ᠳᠠᠭᠠᠨ᠄ 《ᠲᠡᠷᠡ ᠱᠦᠨᠧᠮ ᠡᠮᠡᠭᠲᠡᠢ ᠶᠢ ᠳᠠᠭᠤᠳᠠ》 ᠭᠡᠬᠦ ᠳᠦ᠂ ᠭᠧᠬᠠᠽᠢ ᠳᠠᠭᠤᠳᠠᠭᠰᠠᠨ ᠳᠤ᠂ ᠲᠡᠷᠡ ᠡᠮᠡᠭᠲᠡᠢ ᠲᠡᠭᠦᠨ ᠦ ᠡᠮᠦᠨ᠎ᠡ ᠢᠷᠡᠵᠦ ᠵᠣᠭᠰᠣᠪᠠ᠃ 13 ᠡᠯᠢᠱᠠ ᠭᠧᠬᠠᠽᠢ ᠳᠤ᠄ 《ᠲᠡᠭᠦᠨ ᠳᠦ ᠬᠡᠯᠡᠭᠲᠦᠨ᠄ 〈ᠬᠠᠷᠠ᠂ ᠲᠠ ᠪᠢᠳᠡᠨ ᠦ ᠲᠥᠯᠥᠭᠡ ᠵᠦᠳᠡᠷᠡᠬᠦ ᠪᠡᠷ ᠢᠶᠠᠨ ᠵᠦᠳᠡᠷᠡᠯ᠎ᠡ᠃ ᠪᠢ ᠲᠠᠨ ᠤ ᠲᠥᠯᠥᠭᠡ ᠶᠠᠭᠤ ᠬᠢᠵᠦ ᠥᠭᠬᠦ ᠪᠤᠢ︖ ᠨᠠᠳᠠ ᠪᠠᠷ ᠬᠠᠭᠠᠨ ᠪᠤᠶᠤ ᠴᠡᠷᠢᠭ ᠤᠨ ᠵᠠᠩᠵᠤᠨ ᠠᠴᠠ ᠭᠤᠶᠤᠭᠤᠯᠬᠤ ᠵᠦᠢᠯ ᠪᠠᠢᠨ᠎ᠠ ᠤᠤ︖〉 ᠭᠡᠭᠡᠷᠡᠢ》 ᠭᠡᠬᠦ ᠳᠦ᠂ ᠡᠮᠡᠭᠲᠡᠢ᠄ 《ᠪᠢ ᠠᠷᠠᠳ ᠲᠦᠮᠡᠨ ᠦ ᠪᠠᠨ ᠳᠤᠮᠳᠠ ᠠᠮᠢᠳᠤᠷᠠᠵᠤ ᠪᠠᠢᠨ᠎ᠠ》 ᠭᠡᠵᠡᠢ᠃ 14 ᠲᠡᠭᠡᠭᠡᠳ ᠡᠯᠢᠱᠠ᠄ 《ᠲᠡᠭᠦᠨ ᠦ ᠲᠥᠯᠥᠭᠡ ᠶᠠᠭᠤ ᠬᠢᠵᠦ ᠥᠭᠬᠦ ᠪᠢᠯᠡ︖》 ᠭᠡᠰᠡᠨ ᠳᠦ᠂ ᠭᠧᠬᠠᠽᠢ᠄ 《ᠡᠨᠡ ᠡᠮᠡᠭᠲᠡᠢ ᠬᠡᠦᠬᠡᠳ ᠦᠭᠡᠢ ᠪᠥᠭᠡᠳ ᠲᠡᠭᠦᠨ ᠦ ᠨᠥᠬᠥᠷ ᠨᠠᠰᠤ ᠶᠠᠪᠤᠵᠠᠢ》 ᠭᠡᠪᠡ᠃ 15 ᠡᠯᠢᠱᠠ᠄ 《ᠲᠡᠭᠦᠨ ᠢ ᠳᠠᠬᠢᠨ ᠳᠠᠭᠤᠳᠠ》 ᠭᠡᠵᠦ ᠬᠡᠯᠡᠪᠡ᠃ ᠭᠧᠬᠠᠽᠢ ᠲᠡᠭᠦᠨ ᠢ ᠳᠠᠭᠤᠳᠠᠭᠰᠠᠨ ᠳᠤ᠂ ᠲᠡᠷᠡ ᠪᠡᠷ ᠡᠭᠦᠳᠡᠨ ᠳᠦ ᠵᠣᠭᠰᠣᠪᠠ᠃ 16 ᠡᠯᠢᠱᠠ᠄ 《ᠢᠷᠡᠬᠦ ᠵᠢᠯ ᠤᠨ ᠡᠨᠡ ᠦᠶ᠎ᠡ ᠳᠦ ᠲᠠ ᠬᠦᠦ ᠪᠡᠨ ᠲᠡᠪᠡᠷᠢᠬᠦ ᠪᠣᠯᠣᠨ᠎ᠠ》 ᠭᠡᠰᠡᠨ ᠳᠦ᠂ ᠡᠮᠡᠭᠲᠡᠢ᠄ 《ᠦᠭᠡᠢ᠂ ᠡᠵᠡᠨᠲᠡᠨ ᠮᠢᠨᠢ᠂ ᠪᠤᠷᠬᠠᠨ ᠤ ᠬᠥᠮᠦᠨ ᠲᠠ ᠰᠢᠪᠡᠭᠴᠢᠨ ᠳᠡᠭᠡᠨ ᠳᠡᠮᠡᠢ ᠦᠭᠡ ᠪᠦᠦ ᠬᠡᠯᠡᠭᠡᠴᠢ》 ᠭᠡᠪᠡ᠃

17 ᠬᠠᠷᠢᠨ ᠡᠮᠡᠭᠲᠡᠢ ᠬᠥᠯ ᠬᠦᠨᠳᠦ ᠪᠣᠯᠵᠤ᠂ ᠡᠯᠢᠱᠠ ᠶᠢᠨ ᠬᠡᠯᠡᠭᠰᠡᠨ ᠶᠣᠰᠣᠭᠠᠷ ᠳᠠᠷᠠᠭ᠎ᠠ ᠵᠢᠯ ᠤᠨ ᠬᠢᠨᠢ ᠲᠡᠷᠡ ᠦᠶ᠎ᠡ ᠳᠦ ᠬᠦᠦ ᠲᠥᠷᠥᠭᠦᠯᠵᠡᠢ᠃

18 ᠬᠡᠦᠬᠡᠳ ᠥᠰᠴᠦ ᠲᠣᠷᠨᠢᠪᠠ᠃ ᠨᠢᠭᠡᠨ ᠡᠳᠦᠷ ᠲᠡᠷᠡ ᠬᠦᠦ ᠲᠠᠷᠢᠶ᠎ᠠ ᠶᠢ ᠨᠢ ᠬᠤᠷᠢᠶᠠᠨ ᠥᠭᠴᠦ ᠪᠤᠢ ᠬᠥᠮᠦᠰ ᠲᠡᠢ ᠬᠠᠮᠲᠤ ᠪᠠᠢᠭ᠎ᠠ ᠡᠴᠢᠭᠡ ᠳᠡᠭᠡᠷ᠎ᠡ ᠪᠡᠨ ᠣᠴᠢᠪᠠ᠃ 19 ᠲᠡᠷᠡ ᠪᠡᠷ ᠡᠴᠢᠭᠡ ᠳᠡᠭᠡᠨ᠄ 《ᠮᠢᠨᠦ ᠲᠣᠯᠣᠭᠠᠢ᠂ ᠲᠣᠯᠣᠭᠠᠢ》 ᠭᠡᠰᠡᠨ ᠳᠦ᠂ ᠡᠴᠢᠭᠡ ᠨᠢ ᠵᠠᠷᠤᠴᠠ ᠳᠠᠭᠠᠨ᠄ 《ᠲᠡᠭᠦᠨ ᠢ ᠡᠬᠡ ᠳᠦᠨᠢ ᠠᠪᠠᠴᠢᠵᠤ ᠥᠭ》 ᠭᠡᠵᠦ ᠬᠡᠯᠡᠪᠡ᠃ 20 ᠵᠠᠷᠤᠴᠠ ᠲᠡᠭᠦᠨ ᠢ ᠲᠡᠪᠡᠷᠢᠨ ᠡᠬᠡ ᠳᠦᠨᠢ ᠠᠪᠴᠢᠷᠠᠭᠰᠠᠨ ᠳᠤ᠂ ᠬᠦᠦ ᠦᠳᠡ ᠪᠣᠯᠲᠠᠯ᠎ᠠ ᠡᠬᠡ ᠶᠢᠨ ᠢᠶᠠᠨ ᠡᠪᠦᠳᠦᠭ ᠳᠡᠭᠡᠷ᠎ᠡ ᠰᠠᠭᠤᠵᠤ ᠪᠠᠢᠭᠠᠳ ᠠᠮᠢᠰᠬᠤᠯ ᠬᠤᠷᠢᠶᠠᠪᠠ᠃ 21 ᠲᠡᠷᠡ ᠡᠮᠡᠭᠲᠡᠢ ᠳᠡᠭᠡᠭᠰᠢ ᠪᠠᠨ ᠭᠠᠷᠴᠤ᠂ ᠪᠤᠷᠬᠠᠨ ᠤ ᠬᠥᠮᠦᠨ ᠦ ᠣᠷᠣ ᠳᠡᠭᠡᠷ᠎ᠡ ᠬᠦᠦ ᠪᠡᠨ ᠬᠡᠪᠲᠡᠭᠦᠯᠵᠦ ᠬᠠᠭᠠᠯᠭ᠎ᠠ ᠶᠢ ᠬᠠᠭᠠᠭᠠᠳ ᠭᠠᠷᠪᠠ᠃ 22 ᠲᠡᠷᠡ ᠨᠥᠬᠥᠷ ᠢᠶᠡᠨ ᠳᠠᠭᠤᠳᠠᠭᠠᠳ᠄ 《ᠨᠢᠭᠡ ᠵᠠᠷᠤᠴᠠ ᠪᠠᠨ ᠡᠮ᠎ᠡ ᠡᠯᠵᠢᠭᠡ ᠲᠠᠢ ᠨᠠᠳᠠ ᠤᠷᠤᠭᠤ ᠢᠷᠡᠭᠦᠯᠦᠭᠡᠴᠢ᠃ ᠪᠢ ᠪᠤᠷᠬᠠᠨ ᠤ ᠬᠥᠮᠦᠨ ᠤᠷᠤᠭᠤ ᠬᠤᠷᠳᠤᠬᠠᠨ ᠶᠠᠪᠤᠭᠠᠳ ᠢᠷᠡᠶ᠎ᠡ》 ᠭᠡᠪᠡ᠃ 23 ᠨᠥᠬᠥᠷ ᠨᠢ᠄ 《ᠴᠢ ᠶᠠᠭᠤᠨ ᠳᠤ ᠲᠡᠭᠦᠨ ᠤᠷᠤᠭᠤ ᠥᠨᠥᠳᠥᠷ ᠶᠠᠪᠤᠬᠤ ᠭᠡᠵᠦ ᠪᠠᠢᠨ᠎ᠠ ᠪᠤᠢ︖ ᠥᠨᠥᠳᠥᠷ ᠴᠢᠨᠢ ᠰᠢᠨ᠎ᠡ ᠰᠠᠷ᠎ᠠ ᠴᠤ ᠪᠢᠰᠢ᠂ ᠠᠮᠠᠷᠠᠯ ᠤᠨ ᠡᠳᠦᠷ ᠴᠤ ᠪᠢᠰᠢ ᠰᠢᠦ ᠳᠠ》 ᠭᠡᠰᠡᠨ ᠳᠦ᠂ ᠲᠡᠷᠡ᠄ 《ᠵᠦᠭᠡᠷ᠂ ᠲᠠᠢᠪᠤᠩ ᠪᠠᠢ》 ᠭᠡᠵᠡᠢ᠃ 24 ᠲᠡᠷᠡ ᠡᠮᠡᠭᠲᠡᠢ ᠡᠯᠵᠢᠭᠡ ᠪᠡᠨ ᠡᠮᠡᠭᠡᠯᠯᠡᠨ᠂ ᠵᠠᠷᠤᠴᠠ ᠳᠠᠭᠠᠨ᠄ 《ᠳᠠᠪᠬᠢᠭᠤᠯᠤᠭᠠᠳ ᠪᠠᠢ᠂ ᠨᠠᠮᠠᠶᠢ ᠬᠡᠯᠡᠬᠦ ᠡᠴᠡ ᠨᠠᠰᠢ ᠬᠤᠷᠳᠤ ᠪᠠᠨ ᠪᠢᠲᠡᠭᠡᠢ ᠤᠳᠠᠭᠠᠰᠢᠷᠠᠭᠤᠯ》 ᠭᠡᠪᠡ᠃ 25 ᠲᠡᠢᠨ ᠬᠦ ᠲᠡᠷᠡ ᠡᠮᠡᠭᠲᠡᠢ ᠶᠠᠪᠤᠭᠰᠠᠭᠠᠷ ᠪᠠᠢᠵᠤ ᠺᠠᠷᠮᠧᠯ ᠠᠭᠤᠯᠠᠨ ᠳᠠᠬᠢ ᠪᠤᠷᠬᠠᠨ ᠤ ᠬᠥᠮᠦᠨ ᠳᠡᠭᠡᠷ᠎ᠡ ᠬᠦᠷᠦᠯ᠎ᠡ᠃ ᠪᠤᠷᠬᠠᠨ ᠤ ᠬᠥᠮᠦᠨ ᠲᠡᠷᠡ ᠡᠮᠡᠭᠲᠡᠢ ᠶᠢ ᠬᠣᠯᠠ ᠠᠴᠠ ᠬᠠᠷᠠᠭᠠᠳ᠂ ᠵᠠᠷᠤᠴᠠ ᠭᠧᠬᠠᠽᠢ ᠳᠠᠭᠠᠨ᠄ 《ᠬᠠᠷᠠ᠂ ᠲᠡᠨᠳᠡ ᠥᠨᠥᠬᠢ ᠱᠦᠨᠧᠮ ᠡᠮᠡᠭᠲᠡᠢ ᠶᠠᠪᠤᠵᠤ ᠪᠠᠢᠨ᠎ᠠ︕ 26 ᠲᠡᠭᠦᠨ ᠢ ᠤᠭᠲᠤᠨ ᠭᠦᠶᠦᠵᠦ ᠣᠴᠢᠭᠠᠳ ᠲᠡᠭᠦᠨ ᠡᠴᠡ᠄ 〈ᠠᠮᠤᠷ ᠪᠠᠢᠨ᠎ᠠ ᠤᠤ︖ ᠨᠥᠬᠥᠷ ᠴᠢᠨᠢ ᠠᠮᠤᠷ ᠪᠠᠢᠨ᠎ᠠ ᠤᠤ︖ ᠬᠡᠦᠬᠡᠳ ᠴᠢᠨᠢ ᠠᠮᠤᠷ ᠪᠠᠢᠨ᠎ᠠ ᠤᠤ︖〉 ᠭᠡᠵᠦ ᠠᠰᠠᠭᠤ》 ᠭᠡᠪᠡ᠃ ᠡᠮᠡᠭᠲᠡᠢ᠄ 《ᠠᠮᠤᠷ ᠪᠠᠢᠨ᠎ᠠ》 ᠭᠡᠳ 27 ᠠᠭᠤᠯᠠᠨ ᠳᠡᠭᠡᠷᠡᠬᠢ ᠪᠤᠷᠬᠠᠨ ᠤ ᠬᠥᠮᠦᠨ ᠤᠷᠤᠭᠤ ᠢᠷᠡᠭᠡᠳ᠂ ᠬᠥᠯ ᠡᠴᠡ ᠨᠢ ᠵᠢᠭᠤᠷᠠᠵᠤ ᠠᠪᠤᠪᠠ᠃ ᠭᠧᠬᠠᠽᠢ ᠲᠡᠭᠦᠨ ᠢ ᠵᠠᠢᠯᠠᠭᠤᠯᠬᠤ ᠭᠡᠵᠦ ᠣᠢᠷᠠᠲᠤᠯ᠎ᠠ᠃ ᠬᠠᠷᠢᠨ ᠪᠤᠷᠬᠠᠨ ᠤ ᠬᠥᠮᠦᠨ᠄ 《ᠲᠡᠭᠦᠨ ᠢ ᠣᠷᠬᠢ᠂ ᠲᠡᠭᠦᠨ ᠦ ᠰᠡᠳᠬᠢᠯ ᠰᠢᠨᠠᠯᠵᠤ ᠪᠠᠢᠨ᠎ᠠ᠃ ᠶᠣᠬᠣᠸᠠ ᠤᠴᠢᠷ ᠢ ᠨᠢᠭᠤᠴᠠᠯᠠᠨ᠂ ᠨᠠᠳᠠ ᠳᠤ ᠬᠡᠯᠡᠭᠰᠡᠨ ᠦᠭᠡᠢ》 ᠭᠡᠪᠡ᠃ 28 ᠲᠡᠭᠡᠲᠡᠯ᠎ᠡ ᠡᠮᠡᠭᠲᠡᠢ᠄ 《ᠪᠢ ᠡᠵᠡᠨᠲᠡᠨ ᠡᠴᠡ ᠬᠦᠦ ᠭᠤᠶᠤᠭᠰᠠᠨ ᠭᠡᠵᠢ ᠤᠤ︖ 〈ᠳᠡᠮᠡᠢ ᠦᠭᠡ ᠪᠦᠦ ᠬᠡᠯᠡᠭᠡᠴᠢ〉 ᠭᠡᠵᠦ ᠪᠢ ᠬᠡᠯᠡᠭᠰᠡᠨ ᠪᠢᠰᠢ ᠤᠤ︖》 ᠭᠡᠯ᠎ᠡ᠃ 29 ᠡᠯᠢᠱᠠ ᠭᠧᠬᠠᠽᠢ ᠳᠤ ᠵᠠᠬᠢᠨ᠄ 《ᠬᠣᠷᠮᠣᠢ ᠪᠠᠨ ᠰᠢᠭᠤᠵᠤ ᠪᠦᠰᠡᠯᠡᠭᠡᠳ ᠮᠢᠨᠦ ᠲᠠᠶᠠᠭ ᠢ ᠭᠠᠷ ᠲᠠᠭᠠᠨ ᠠᠪᠤᠭᠠᠳ ᠶᠠᠪᠤ᠃ ᠬᠡᠨ ᠨᠢᠭᠡᠨ ᠬᠥᠮᠦᠨ ᠲᠡᠢ ᠲᠠᠭᠠᠷᠠᠯᠳᠤᠭᠰᠠᠨ ᠴᠤ ᠪᠦᠦ ᠮᠡᠨᠳᠦᠯᠡ᠃ ᠬᠡᠨ ᠨᠢᠭᠡᠨ ᠬᠥᠮᠦᠨ ᠴᠢᠮ᠎ᠠ ᠲᠠᠢ ᠮᠡᠨᠳᠦᠯᠡᠭᠰᠡᠨ ᠴᠤ ᠪᠦᠦ ᠬᠠᠷᠢᠭᠤ ᠥᠭ᠃ ᠲᠡᠭᠡᠭᠡᠳ ᠮᠢᠨᠦ ᠲᠠᠶᠠᠭ ᠢ ᠲᠡᠷᠡ ᠬᠥᠪᠡᠭᠦᠨ ᠦ ᠨᠢᠭᠤᠷ ᠳᠡᠭᠡᠷ᠎ᠡ ᠲᠠᠯᠪᠢ》 ᠭᠡᠯ᠎ᠡ᠃ 30 ᠭᠡᠪᠡᠴᠦ ᠬᠥᠪᠡᠭᠦᠨ ᠦ ᠡᠬᠡ᠄ 《ᠶᠣᠬᠣᠸᠠ ᠶᠢᠨ ᠠᠮᠢᠳᠤ ᠪᠣᠯᠣᠨ ᠲᠠᠨ ᠤ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠲᠠᠨ ᠠᠴᠠ ᠰᠠᠯᠬᠤ ᠦᠭᠡᠢ》 ᠭᠡᠰᠡᠨ ᠲᠤᠯᠠ ᠡᠯᠢᠱᠠ ᠪᠣᠰᠣᠨ ᠲᠡᠷᠡ ᠡᠮᠡᠭᠲᠡᠢ ᠶᠢ ᠳᠠᠭᠠᠵᠤ ᠶᠠᠪᠤᠪᠠ᠃ 31 ᠭᠧᠬᠠᠽᠢ ᠲᠡᠳᠡᠨ ᠡᠴᠡ ᠲᠦᠷᠦᠭᠦᠯᠡᠨ ᠣᠴᠢᠭᠠᠳ ᠬᠥᠪᠡᠭᠦᠨ ᠦ ᠨᠢᠭᠤᠷ ᠳᠡᠭᠡᠷ᠎ᠡ ᠲᠠᠶᠠᠭ ᠢ ᠲᠠᠯᠪᠢᠭᠰᠠᠨ ᠪᠣᠯᠪᠠᠴᠤ ᠳᠠᠭᠤ ᠴᠢᠮᠡᠭᠡ ᠦᠭᠡᠢ᠂ ᠶᠠᠮᠠᠷ ᠴᠤ ᠰᠢᠨᠵᠢ ᠭᠠᠷᠤᠭᠰᠠᠨ ᠦᠭᠡᠢ ᠪᠠᠢᠯ᠎ᠠ᠃ ᠭᠧᠬᠠᠽᠢ ᠪᠤᠴᠠᠵᠤ ᠢᠷᠡᠭᠡᠳ ᠡᠯᠢᠱᠠ ᠲᠠᠢ ᠠᠭᠤᠯᠵᠠᠨ᠄ 《ᠬᠦᠦ ᠰᠡᠷᠭᠦᠭᠰᠡᠨ ᠦᠭᠡᠢ》 ᠭᠡᠪᠡ᠃

32 ᠡᠯᠢᠱᠠ ᠭᠡᠷ ᠲᠦ ᠣᠷᠣᠵᠤ ᠦᠵᠡᠬᠦ ᠳᠦ᠂ ᠬᠦᠦ ᠦᠬᠦᠴᠢᠬᠡᠭᠡᠳ ᠣᠷᠣ ᠳᠡᠭᠡᠷ᠎ᠡ ᠨᠢ ᠬᠡᠪᠲᠡᠵᠦ ᠪᠠᠢᠯ᠎ᠠ᠃ 33 ᠡᠯᠢᠱᠠ ᠳᠣᠲᠣᠭᠰᠢ ᠣᠷᠣᠭᠠᠳ ᠬᠠᠭᠠᠯᠭ᠎ᠠ ᠶᠢ ᠬᠠᠭᠠᠵᠤ᠂ ᠬᠣᠶᠠᠭᠤᠯᠠᠬᠠᠨ ᠢᠶᠠᠨ ᠦᠯᠡᠳᠡᠵᠡᠢ᠃ ᠡᠯᠢᠱᠠ ᠶᠣᠬᠣᠸᠠ ᠳᠤ ᠳᠠᠭᠠᠳᠬᠠᠭᠰᠠᠨ ᠤ ᠳᠠᠷᠠᠭ᠎ᠠ᠂ 34 ᠣᠷᠣ ᠳᠡᠭᠡᠷ᠎ᠡ ᠭᠠᠷᠴᠤ ᠬᠡᠦᠬᠡᠳ ᠦᠨ ᠳᠡᠭᠡᠷ᠎ᠡ ᠬᠡᠪᠲᠡᠨ᠂ ᠠᠮᠠ ᠪᠠᠨ ᠠᠮᠠᠨ ᠳᠡᠭᠡᠷ᠎ᠡ ᠨᠢ᠂ ᠨᠢᠳᠦ ᠪᠡᠨ ᠨᠢᠳᠦᠨ ᠳᠡᠭᠡᠷ᠎ᠡ ᠨᠢ᠂ ᠭᠠᠷ ᠢᠶᠠᠨ ᠭᠠᠷ ᠳᠡᠭᠡᠷ᠎ᠡ ᠨᠢ ᠲᠠᠯᠪᠢᠵᠤ᠂ ᠬᠦᠦ ᠶᠢᠨ ᠳᠡᠭᠡᠷ᠎ᠡ ᠠᠯᠳᠠᠯᠠᠨ ᠬᠡᠪᠲᠡᠵᠡᠢ᠃ ᠬᠦᠦ ᠶᠢᠨ ᠪᠡᠶ᠎ᠡ ᠪᠦᠯᠢᠶᠡᠰᠪᠡ᠃ 35 ᠡᠯᠢᠱᠠ ᠪᠠᠭᠤᠵᠤ ᠢᠷᠡᠭᠡᠳ ᠥᠷᠥᠭᠡ ᠳᠣᠲᠣᠷ᠎ᠠ ᠨᠠᠰᠢ ᠴᠠᠰᠢ ᠨᠢᠭᠡ ᠤᠳᠠᠭ᠎ᠠ ᠠᠯᠬᠤᠭᠰᠠᠨ ᠤ ᠳᠠᠷᠠᠭ᠎ᠠ ᠳᠠᠬᠢᠨ ᠣᠷᠣ ᠳᠡᠭᠡᠷ᠎ᠡ ᠪᠡᠨ ᠭᠠᠷᠴᠤ᠂ ᠬᠦᠦ ᠶᠢᠨ ᠳᠡᠭᠡᠷ᠎ᠡ ᠠᠯᠳᠠᠯᠠᠨ ᠬᠡᠪᠲᠡᠵᠡᠢ᠃ ᠬᠦᠦ ᠳᠣᠯᠣᠭᠠᠨ ᠤᠳᠠᠭ᠎ᠠ ᠨᠠᠢᠲᠠᠭᠠᠭᠠᠳ ᠨᠢᠳᠦ ᠪᠡᠨ ᠨᠡᠭᠡᠭᠡᠪᠡ᠃ 36 ᠡᠯᠢᠱᠠ ᠭᠧᠬᠠᠽᠢ ᠶᠢ ᠳᠠᠭᠤᠳᠠᠭᠠᠳ᠄ 《ᠲᠡᠷᠡ ᠱᠦᠨᠧᠮ ᠡᠮᠡᠭᠲᠡᠢ ᠶᠢ ᠳᠠᠭᠤᠳᠠ》 ᠭᠡᠰᠡᠨ ᠳᠦ᠂ ᠭᠧᠬᠠᠽᠢ ᠲᠡᠭᠦᠨ ᠢ ᠳᠠᠭᠤᠳᠠᠯ᠎ᠠ᠃ ᠡᠮᠡᠭᠲᠡᠢ ᠣᠷᠣᠵᠤ ᠢᠷᠡᠬᠦ ᠳᠦ᠂ ᠡᠯᠢᠱᠠ᠄ 《ᠬᠦᠦ ᠪᠡᠨ ᠠᠪ》 ᠭᠡᠵᠦ ᠬᠡᠯᠡᠪᠡ᠃ 37 ᠡᠮᠡᠭᠲᠡᠢ ᠲᠡᠭᠦᠨ ᠦ ᠬᠥᠯ ᠦᠨ ᠡᠮᠦᠨ᠎ᠡ ᠭᠠᠵᠠᠷ ᠲᠤ ᠪᠥᠬᠥᠢᠭᠰᠡᠨ ᠦ ᠳᠠᠷᠠᠭ᠎ᠠ᠂ ᠬᠦᠦ ᠪᠡᠨ ᠠᠪᠤᠭᠠᠳ ᠭᠠᠷᠴᠤ ᠶᠠᠪᠤᠯ᠎ᠠ᠃
 ᠬᠣᠣᠷᠲᠤ ᠱᠥᠯᠥ

38 ᠡᠯᠢᠱᠠ ᠭᠢᠯᠭᠠᠯ ᠤᠷᠤᠭᠤ ᠪᠤᠴᠠᠵᠤ ᠢᠷᠡᠬᠦ ᠳᠦ᠂ ᠲᠡᠷᠡ ᠨᠤᠲᠤᠭ ᠲᠤ ᠥᠯᠥᠰᠬᠥᠯᠡᠩ ᠪᠣᠯᠣᠭᠰᠠᠨ ᠪᠠᠢᠪᠠ᠃ ᠡᠰᠢ ᠦᠵᠡᠭᠦᠯᠦᠭᠴᠢ ᠱᠠᠪᠢ ᠨᠠᠷ ᠲᠡᠭᠦᠨ ᠦ ᠡᠮᠦᠨ᠎ᠡ ᠰᠠᠭᠤᠵᠠᠭᠠᠵᠤ ᠪᠠᠢᠬᠤ ᠳᠤ᠂ ᠲᠡᠷᠡ ᠪᠡᠷ ᠵᠠᠷᠤᠴᠠ ᠳᠠᠭᠠᠨ ᠲᠣᠮᠣ ᠲᠣᠭᠣᠭ᠎ᠠ ᠲᠠᠯᠪᠢᠵᠤ ᠡᠰᠢ ᠦᠵᠡᠭᠦᠯᠦᠭᠴᠢ ᠱᠠᠪᠢ ᠨᠠᠷ ᠲᠤ ᠱᠥᠯᠥ ᠬᠢᠵᠦ ᠥᠭᠬᠦ ᠶᠢ ᠵᠠᠬᠢᠪᠠ᠃ 39 ᠬᠡᠨ ᠨᠢᠭᠡ ᠨᠢ ᠨᠣᠭᠣᠭ᠎ᠠ ᠲᠡᠭᠦᠬᠦ ᠪᠡᠷ ᠬᠡᠭᠡᠷ᠎ᠡ ᠭᠠᠷᠴᠤ ᠵᠡᠷᠯᠢᠭ ᠣᠷᠢᠶᠠᠩ᠋ᠭᠤ ᠣᠯᠪᠠ᠃ ᠲᠡᠭᠡᠭᠡᠳ ᠵᠡᠷᠯᠢᠭ ᠬᠤᠯᠤ ᠶᠢ ᠨᠢ ᠬᠣᠷᠮᠣᠢ ᠳᠦᠭᠦᠷᠡᠩ ᠲᠡᠭᠦᠵᠦ ᠢᠷᠡᠭᠡᠳ᠂ ᠲᠡᠳᠡᠭᠡᠷ ᠢ ᠬᠡᠷᠴᠢᠵᠦ ᠶᠠᠭᠤ ᠶᠢ ᠨᠢ ᠴᠤ ᠮᠡᠳᠡᠯ ᠦᠭᠡᠢ ᠱᠥᠯᠥ ᠶᠢᠨ ᠲᠣᠭᠣᠭᠠᠨ ᠳᠤ ᠬᠢᠪᠡ᠃ 40 ᠬᠥᠮᠦᠰ ᠲᠦ ᠠᠶᠠᠭᠠᠯᠠᠵᠤ ᠥᠭᠬᠦ ᠳᠦ᠂ ᠲᠡᠳᠡ ᠱᠥᠯᠥᠨ ᠡᠴᠡ ᠢᠳᠡᠵᠦ ᠪᠠᠢᠬᠤ ᠳᠠᠭᠠᠨ᠄ 《ᠪᠤᠷᠬᠠᠨ ᠤ ᠬᠥᠮᠦᠨ ᠡ᠂ ᠲᠣᠭᠣᠭᠠᠨ ᠳᠣᠲᠣᠷ᠎ᠠ ᠦᠬᠦᠯ 5 ᠪᠠᠢᠨ᠎ᠠ︕》 ᠬᠡᠮᠡᠨ ᠬᠠᠰᠬᠢᠷᠤᠯ᠎ᠠ᠃ ᠲᠡᠳᠡ ᠢᠳᠡᠵᠦ ᠴᠢᠳᠠᠬᠤ ᠦᠭᠡᠢ ᠪᠣᠯᠪᠠ᠃ 41 ᠬᠠᠷᠢᠨ ᠡᠯᠢᠱᠠ ᠭᠤᠯᠢᠷ ᠠᠪᠴᠢᠷᠠᠭᠤᠯᠤᠨ ᠲᠣᠭᠣᠭᠠᠨ ᠳᠤ ᠬᠢᠵᠦ᠄ 《ᠬᠥᠮᠦᠰ ᠲᠦ ᠠᠶᠠᠭᠠᠯᠠᠵᠤ ᠥᠭ᠂ ᠣᠳᠣ ᠢᠳᠡᠵᠦ ᠪᠣᠯᠣᠨ᠎ᠠ》 ᠭᠡᠵᠦ ᠬᠡᠯᠡᠪᠡ᠃ ᠲᠡᠭᠡᠲᠡᠯ᠎ᠡ ᠲᠣᠭᠣᠭᠠᠨ ᠳᠣᠲᠣᠷ᠎ᠠ ᠬᠣᠣᠷ ᠦᠭᠡᠢ ᠪᠣᠯᠣᠭᠰᠠᠨ ᠪᠠᠢᠯ᠎ᠠ᠃
 ᠵᠠᠭᠤᠨ ᠬᠥᠮᠦᠨ ᠢ ᠬᠣᠭᠣᠯᠠᠯᠠᠭᠤᠯᠪᠠ

42 ᠨᠢᠭᠡᠨ ᠬᠥᠮᠦᠨ ᠪᠠᠯ ᠱᠠᠯᠢᠱᠠ ᠠᠴᠠ ᠢᠷᠡᠵᠦ᠂ ᠤᠷᠭᠤᠴᠠ ᠶᠢᠨ ᠢᠶᠠᠨ ᠳᠡᠭᠡᠵᠢ ᠪᠠᠷ ᠬᠢᠭᠰᠡᠨ ᠬᠣᠷᠢᠨ ᠠᠷᠪᠠᠢ ᠶᠢᠨ ᠪᠣᠣᠪᠣ ᠪᠣᠯᠣᠨ ᠲᠠᠷᠢᠶᠠᠨ ᠤ ᠰᠢᠨᠡᠬᠡᠨ ᠲᠦᠷᠦᠭᠦᠦ ᠶᠢ ᠤᠭᠤᠲᠠᠨ ᠳᠤ ᠬᠢᠵᠦ᠂ ᠪᠤᠷᠬᠠᠨ ᠤ ᠬᠥᠮᠦᠨ ᠳᠦ ᠠᠪᠴᠢᠷᠠᠵᠠᠢ᠃ ᠡᠯᠢᠱᠠ᠄ 《ᠬᠥᠮᠦᠰ ᠲᠦ ᠥᠭ᠂ ᠲᠡᠳᠡ ᠢᠳᠡᠵᠡᠭᠡᠭ》 ᠭᠡᠬᠦ ᠳᠦ᠂ 43 ᠵᠠᠷᠤᠴᠠ ᠨᠢ᠄ 《ᠶᠠᠭᠤ ᠭᠡᠨ᠎ᠡ︖ ᠡᠭᠦᠨ ᠢ ᠵᠠᠭᠤᠨ ᠬᠥᠮᠦᠨ ᠦ ᠡᠮᠦᠨ᠎ᠡ ᠲᠠᠯᠪᠢᠬᠤ ᠭᠡᠵᠢ ᠤᠤ︖》 ᠭᠡᠪᠡ᠃ ᠬᠠᠷᠢᠨ ᠡᠯᠢᠱᠠ᠄ 《ᠬᠥᠮᠦᠰ ᠲᠦ ᠥᠭ᠂ ᠲᠡᠳᠡ ᠢᠳᠡᠵᠡᠭᠡᠭ᠃ ᠶᠣᠬᠣᠸᠠ ᠠᠢᠯᠠᠳᠤᠨ᠄ 〈ᠢᠳᠡᠵᠡᠭᠡᠵᠦ᠂ ᠪᠠᠰᠠ ᠦᠯᠡᠳᠡᠬᠦ ᠪᠣᠯᠣᠨ᠎ᠠ〉 ᠭᠡᠵᠦ ᠪᠠᠢᠨ᠎ᠠ》 ᠭᠡᠪᠡ᠃ 44 ᠢᠩᠭᠢᠭᠡᠳ ᠲᠡᠷᠡ ᠲᠡᠳᠡᠨ ᠦ ᠡᠮᠦᠨ᠎ᠡ ᠲᠠᠯᠪᠢᠭᠰᠠᠨ ᠪᠥᠭᠡᠳ ᠲᠡᠳᠡ ᠶᠣᠬᠣᠸᠠ ᠶᠢᠨ ᠦᠭᠡ ᠶᠢᠨ ᠳᠠᠭᠠᠤ ᠢᠳᠡᠵᠡᠭᠡᠬᠦ ᠳᠦ᠂ ᠪᠠᠰᠠ ᠦᠯᠡᠳᠡᠭᠰᠡᠨ ᠠᠵᠢ᠃