1 2 3 4 5 6 7 8 9 10 11 12 13 14 15 16 17 18 19 20 21 22 23 24 25


ᠬᠠᠭᠠᠳ ᠤᠨ ᠳᠡᠳ᠋ ᠠᠷᠪᠠᠨ ᠵᠢᠷᠭᠤᠭ᠎ᠠ
 ᠶᠦᠳᠠ ᠶᠢᠨ ᠬᠠᠭᠠᠨ ᠠᠬᠠᠽ

1 ᠷᠧᠮᠠᠯᠢᠶ᠎ᠠ ᠶᠢᠨ ᠬᠦᠦ ᠫᠧᠺᠠ ᠶᠢᠨ ᠠᠷᠪᠠᠨ ᠳᠣᠯᠣᠳᠤᠭᠠᠷ ᠣᠨ ᠳᠤ᠂ ᠶᠣᠲ᠋ᠠᠮ ᠤᠨ ᠬᠦᠦ ᠠᠬᠠᠽ ᠶᠦᠳᠠ ᠶᠢᠨ ᠬᠠᠭᠠᠨ ᠪᠣᠯᠪᠠ᠃ 2 ᠠᠬᠠᠽ ᠬᠣᠷᠢᠨ ᠨᠠᠰᠤᠲᠠᠢ ᠳᠠᠭᠠᠨ ᠬᠠᠭᠠᠨ ᠪᠣᠯᠵᠤ ᠶᠧᠷᠦ᠋ᠰᠠᠯᠧᠮ ᠳᠤ ᠠᠷᠪᠠᠨ ᠵᠢᠷᠭᠤᠭᠠᠨ ᠵᠢᠯ ᠬᠠᠭᠠᠨᠴᠢᠯᠠᠵᠠᠢ᠃ ᠠᠬᠠᠽ ᠶᠣᠬᠣᠸᠠ ᠪᠤᠷᠬᠠᠨ ᠤ ᠪᠠᠨ ᠮᠡᠯᠮᠡᠢ ᠳᠦ ᠡᠪᠦᠭᠡ ᠡᠴᠢᠭᠡ ᠳ᠋ᠠᠸᠢᠳ᠋ ᠰᠢᠭ᠋ ᠢᠶᠠᠨ ᠵᠥᠪ ᠢ ᠦᠢᠯᠡᠳᠦᠭᠰᠡᠨ ᠪᠢᠰᠢ᠂ 3 ᠢᠰᠷᠧᠯ ᠤᠨ ᠬᠠᠭᠠᠳ ᠤᠨ ᠵᠠᠮ ᠢᠶᠠᠷ ᠶᠠᠪᠤᠵᠤ᠂ ᠢᠰᠷᠧᠯᠴᠦᠳ ᠦᠨ ᠡᠮᠦᠨ᠎ᠡ ᠡᠴᠡ ᠶᠣᠬᠣᠸᠠ ᠶᠢᠨ ᠬᠥᠭᠡᠭᠡᠨ ᠭᠠᠷᠭᠠᠭᠰᠠᠨ ᠦᠨᠳᠦᠰᠦᠲᠡᠨ ᠨᠦᠭᠦᠳ ᠦᠨ ᠵᠢᠭᠰᠢᠭᠦᠷᠢᠲᠦ ᠶᠠᠪᠤᠳᠠᠯ ᠢ ᠳᠠᠭᠠᠨ ᠥᠪᠡᠷ ᠦᠨ ᠬᠦᠦ ᠶᠢ ᠬᠦᠷᠲᠡᠯ᠎ᠡ ᠭᠠᠯ ᠳᠤᠮᠳᠠᠭᠤᠷ ᠶᠠᠪᠤᠭᠤᠯᠤᠭᠰᠠᠨ 21 ᠠᠵᠢ᠃ 4 ᠲᠡᠷᠡ ᠪᠡᠷ ᠮᠥᠷᠭᠥᠯ ᠦᠨ ᠮᠠᠨᠳᠠᠯ ᠤᠳ᠂ ᠲᠣᠯᠣᠭᠠᠳ ᠪᠣᠯᠣᠨ ᠠᠯᠢᠪᠠ ᠱᠠᠩᠰᠢ ᠮᠣᠳᠣᠨ ᠤ ᠳᠣᠣᠷ᠎ᠠ ᠲᠠᠬᠢᠯ ᠡᠷᠭᠦᠨ ᠤᠲᠤᠯᠭ᠎ᠠ ᠤᠭᠤᠭᠢᠭᠤᠯᠳᠠᠭ ᠪᠠᠢᠪᠠ᠃

5 ᠠᠷᠠᠮ ᠤᠨ ᠬᠠᠭᠠᠨ ᠷᠧᠽᠢᠨ ᠪᠣᠯᠣᠨ ᠷᠧᠮᠠᠯᠢᠶ᠎ᠠ ᠶᠢᠨ ᠬᠦᠦ ᠢᠰᠷᠧᠯ ᠤᠨ ᠬᠠᠭᠠᠨ ᠫᠧᠺᠠ ᠨᠠᠷ ᠠᠬᠠᠽ ᠲᠠᠢ ᠳᠠᠢᠲᠤᠬᠤ ᠪᠠᠷ ᠶᠧᠷᠦ᠋ᠰᠠᠯᠧᠮ ᠥᠭᠡᠳᠡ ᠢᠷᠡᠵᠦ ᠪᠦᠰᠡᠯᠡᠪᠡ᠃ ᠬᠠᠷᠢᠨ ᠲᠡᠳᠡ ᠲᠡᠭᠦᠨ ᠢ ᠡᠷᠬᠡᠨ ᠳᠡᠭᠡᠨ ᠣᠷᠣᠭᠤᠯᠵᠤ ᠴᠢᠳᠠᠭᠰᠠᠨ ᠦᠭᠡᠢ᠃ 6 ᠲᠡᠷᠡ ᠦᠶ᠎ᠡ ᠳᠦ ᠠᠷᠠᠮ ᠤᠨ ᠬᠠᠭᠠᠨ ᠷᠧᠽᠢᠨ ᠡᠯᠠᠲ ᠢ ᠠᠷᠠᠮ ᠳᠤ ᠡᠷᠭᠢᠭᠦᠯᠦᠨ ᠠᠪᠴᠤ᠂ ᠡᠯᠠᠲ ᠠᠴᠠ ᠶᠦᠳᠠᠴᠤᠳ ᠢ ᠪᠦᠭᠦᠳᠡ ᠶᠢ ᠬᠥᠭᠡᠭᠡᠵᠡᠢ᠂ ᠲᠡᠭᠡᠭᠡᠳ ᠠᠷᠠᠮᠴᠤᠳ ᠡᠯᠠᠲ ᠲᠤ ᠢᠷᠡᠵᠦ᠂ ᠥᠨᠥᠳᠥᠷ ᠬᠦᠷᠲᠡᠯ᠎ᠡ ᠲᠡᠨᠳᠡ ᠰᠠᠭᠤᠭᠰᠠᠭᠠᠷ ᠪᠠᠢᠨ᠎ᠠ᠃ 7 ᠠᠬᠠᠽ ᠠᠰᠢᠷᠢᠶ᠎ᠠ ᠶᠢᠨ ᠬᠠᠭᠠᠨ ᠲᠢᠭᠯᠠᠲ ᠫᠢᠯᠧᠰᠧᠷ ᠲᠤ ᠡᠯᠴᠢᠳ ᠢᠯᠡᠭᠡᠨ᠄ 《ᠪᠢ ᠲᠠᠨ ᠤ ᠵᠠᠷᠤᠴᠠ᠂ ᠲᠠᠨ ᠤ ᠬᠦᠦ ᠪᠢᠯᠡ᠃ ᠲᠠ ᠨᠠᠰᠢ ᠢᠷᠡᠵᠦ ᠨᠠᠳᠠ ᠤᠷᠤᠭᠤ ᠳᠠᠭᠠᠷᠢᠵᠤ ᠪᠤᠢ ᠠᠷᠠᠮ ᠤᠨ ᠬᠠᠭᠠᠨ ᠪᠣᠯᠣᠨ ᠢᠰᠷᠧᠯ ᠤᠨ ᠬᠠᠭᠠᠨ ᠤ ᠭᠠᠷ ᠠᠴᠠ ᠨᠠᠮᠠᠶᠢ ᠠᠪᠤᠷᠠᠵᠤ ᠬᠠᠢᠷᠠᠯᠠ》 ᠭᠡᠵᠦ ᠬᠡᠯᠡᠭᠦᠯᠪᠡ᠃ 8 ᠠᠬᠠᠽ ᠶᠣᠬᠣᠸᠠ ᠶᠢᠨ ᠥᠷᠭᠥᠭᠡ ᠪᠣᠯᠣᠨ ᠬᠠᠭᠠᠨ ᠤ ᠣᠷᠳᠣᠨ ᠤ ᠬᠥᠮᠥᠷᠭᠡ ᠳᠦ ᠪᠠᠢᠭ᠎ᠠ ᠠᠯᠲᠠ ᠮᠥᠩᠭᠥ ᠶᠢ ᠠᠪᠴᠤ᠂ ᠠᠰᠢᠷᠢᠶ᠎ᠠ ᠶᠢᠨ ᠬᠠᠭᠠᠨ ᠳᠤ ᠪᠡᠯᠡᠭ ᠪᠣᠯᠭᠠᠨ ᠢᠯᠡᠭᠡᠵᠡᠢ᠃ 9 ᠠᠰᠢᠷᠢᠶ᠎ᠠ ᠶᠢᠨ ᠬᠠᠭᠠᠨ ᠲᠡᠭᠦᠨ ᠦ ᠬᠢ ᠶᠢ ᠰᠣᠨᠣᠰᠪᠠ᠃ ᠠᠰᠢᠷᠢᠶ᠎ᠠ ᠶᠢᠨ ᠬᠠᠭᠠᠨ ᠳ᠋ᠠᠮᠠᠰᠺᠦ᠋ᠰ ᠢ ᠳᠣᠪᠲᠣᠯᠵᠤ ᠡᠵᠡᠯᠡᠭᠡᠳ᠂ ᠠᠷᠠᠳ ᠣᠯᠠᠨ ᠢ ᠨᠢ ᠺᠢᠷ ᠤᠷᠤᠭᠤ ᠴᠥᠯᠡᠵᠦ᠂ ᠷᠧᠽᠢᠨ ᠢ ᠴᠠᠭᠠᠵᠠᠯᠠᠵᠠᠢ᠃

10 ᠠᠬᠠᠽ ᠬᠠᠭᠠᠨ ᠠᠰᠢᠷᠢᠶ᠎ᠠ ᠶᠢᠨ ᠬᠠᠭᠠᠨ ᠲᠢᠭᠯᠠᠲ ᠫᠢᠯᠧᠰᠧᠷ ᠲᠤ ᠪᠠᠷᠠᠭᠠᠯᠬᠠᠬᠤ ᠪᠠᠷ ᠳ᠋ᠠᠮᠠᠰᠺᠦ᠋ᠰ ᠤᠷᠤᠭᠤ ᠣᠴᠢᠵᠤ᠂ ᠳ᠋ᠠᠮᠠᠰᠺᠦ᠋ᠰ ᠳᠠᠬᠢ ᠲᠠᠬᠢᠯ ᠤᠨ ᠰᠢᠷᠡᠭᠡ ᠶᠢ ᠬᠠᠷᠠᠪᠠ᠃ ᠠᠬᠠᠽ ᠬᠠᠭᠠᠨ ᠤᠭ ᠲᠠᠬᠢᠯ ᠤᠨ ᠰᠢᠷᠡᠭᠡᠨ ᠦ ᠵᠠᠭᠪᠤᠷ ᠵᠢᠷᠤᠭ ᠪᠣᠯᠣᠨ ᠪᠠᠷᠢᠯᠭ᠎ᠠ ᠶᠢᠨ ᠨᠠᠷᠢᠪᠴᠢᠯᠠᠭᠰᠠᠨ ᠲᠥᠰᠥᠪ ᠢ ᠲᠠᠬᠢᠯᠴᠢ ᠦᠦᠷᠢᠶ᠎ᠠ ᠳᠤ ᠢᠯᠡᠭᠡᠭᠰᠡᠨ ᠳᠦ᠂ 11 ᠲᠠᠬᠢᠯᠴᠢ ᠦᠦᠷᠢᠶ᠎ᠠ ᠠᠬᠠᠽ ᠬᠠᠭᠠᠨ ᠤ ᠳ᠋ᠠᠮᠠᠰᠺᠦ᠋ᠰ ᠡᠴᠡ ᠢᠯᠡᠭᠡᠭᠰᠡᠨ ᠪᠦᠬᠦᠨ ᠦ ᠳᠠᠭᠠᠤ ᠲᠡᠷᠡ ᠲᠠᠬᠢᠯ ᠤᠨ ᠰᠢᠷᠡᠭᠡ ᠶᠢ ᠪᠦᠲᠦᠭᠡᠪᠡ᠃ ᠲᠠᠬᠢᠯᠴᠢ ᠦᠦᠷᠢᠶ᠎ᠠ ᠠᠬᠠᠽ ᠬᠠᠭᠠᠨ ᠢ ᠳ᠋ᠠᠮᠠᠰᠺᠦ᠋ᠰ ᠡᠴᠡ ᠪᠤᠴᠠᠵᠤ ᠢᠷᠡᠬᠦ ᠡᠴᠡ ᠡᠮᠦᠨ᠎ᠡ ᠡᠭᠦᠨ ᠢ ᠬᠢᠵᠦ ᠳᠠᠭᠤᠰᠬᠠᠭᠰᠠᠨ ᠠᠵᠢ᠃ 12 ᠬᠠᠭᠠᠨ ᠳ᠋ᠠᠮᠠᠰᠺᠦ᠋ᠰ ᠡᠴᠡ ᠪᠤᠴᠠᠵᠤ ᠢᠷᠡᠭᠡᠳ ᠲᠠᠬᠢᠯ ᠤᠨ ᠰᠢᠷᠡᠭᠡ ᠶᠢ ᠬᠠᠷᠠᠯ᠎ᠠ᠃ ᠬᠠᠭᠠᠨ ᠲᠠᠬᠢᠯ ᠤᠨ ᠰᠢᠷᠡᠭᠡᠨ ᠳᠦ ᠣᠢᠷᠠᠲᠤᠨ ᠣᠴᠢᠭᠠᠳ ᠳᠡᠭᠡᠷ᠎ᠡ ᠨᠢ ᠲᠠᠬᠢᠯ ᠡᠷᠭᠦᠪᠡ᠃ 13 ᠲᠡᠷᠡ ᠥᠪᠡᠷ ᠦᠨ ᠢᠶᠠᠨ ᠰᠢᠲᠠᠭᠠᠯᠭᠠᠲᠤ ᠲᠠᠬᠢᠯ ᠪᠠ ᠢᠳᠡᠭᠡᠨ ᠡᠷᠭᠦᠯ ᠢ ᠡᠷᠭᠦᠨ᠂ ᠤᠮᠳᠠᠭᠠᠨ ᠡᠷᠭᠦᠯ ᠢ ᠴᠢᠳᠬᠤᠵᠤ᠂ ᠡᠪ ᠦᠨ ᠲᠠᠬᠢᠯ ᠤᠨ ᠴᠢᠰᠤ ᠶᠢ ᠲᠠᠬᠢᠯ ᠤᠨ ᠰᠢᠷᠡᠭᠡᠨ ᠳᠡᠭᠡᠷ᠎ᠡ ᠰᠠᠴᠤᠪᠠ᠃ 14 ᠲᠡᠷᠡ ᠪᠠᠰᠠ ᠶᠣᠬᠣᠸᠠ ᠶᠢᠨ ᠡᠮᠦᠨ᠎ᠡ ᠪᠠᠢᠳᠠᠭ ᠬᠦᠷᠡᠯ ᠲᠠᠬᠢᠯ ᠤᠨ ᠰᠢᠷᠡᠭᠡ ᠶᠢ ᠥᠷᠭᠥᠭᠡᠨ ᠦ ᠤᠷᠳᠤ ᠲᠠᠯ᠎ᠠ᠂ ᠲᠤᠬᠠᠢᠯᠠᠪᠠᠯ ᠲᠠᠬᠢᠯ ᠤᠨ ᠰᠢᠷᠡᠭᠡ ᠪᠠ ᠶᠣᠬᠣᠸᠠ ᠶᠢᠨ ᠥᠷᠭᠥᠭᠡᠨ ᠦ ᠬᠣᠭᠣᠷᠣᠨᠳᠣ ᠠᠴᠠ ᠰᠢᠯᠵᠢᠭᠦᠯᠦᠨ ᠰᠢᠨ᠎ᠡ ᠲᠠᠬᠢᠯ ᠤᠨ ᠰᠢᠷᠡᠭᠡᠨ ᠦ ᠬᠣᠢᠲᠤ ᠲᠠᠯ᠎ᠠ ᠳᠤ ᠲᠠᠯᠪᠢᠵᠠᠢ᠃ 15 ᠠᠬᠠᠽ ᠬᠠᠭᠠᠨ ᠲᠠᠬᠢᠯᠴᠢ ᠦᠦᠷᠢᠶ᠎ᠠ ᠳᠤ ᠲᠤᠰᠢᠶᠠᠨ᠄ 《ᠥᠷᠯᠥᠭᠡᠨ ᠦ ᠰᠢᠲᠠᠭᠠᠯᠭᠠᠲᠤ ᠲᠠᠬᠢᠯ᠂ ᠦᠳᠡᠰᠢ ᠶᠢᠨ ᠢᠳᠡᠭᠡᠨ ᠡᠷᠭᠦᠯ᠂ ᠬᠠᠭᠠᠨ ᠤ ᠰᠢᠲᠠᠭᠠᠯᠭᠠᠲᠤ ᠲᠠᠬᠢᠯ ᠪᠣᠯᠣᠨ ᠢᠳᠡᠭᠡᠨ ᠡᠷᠭᠦᠯ᠂ ᠡᠨᠡ ᠭᠠᠵᠠᠷ ᠤᠨ ᠪᠦᠬᠦ ᠠᠷᠠᠳ ᠲᠦᠮᠡᠨ ᠦ ᠰᠢᠲᠠᠭᠠᠯᠭᠠᠲᠤ ᠲᠠᠬᠢᠯ᠂ ᠢᠳᠡᠭᠡᠨ ᠡᠷᠭᠦᠯ᠂ ᠤᠮᠳᠠᠭᠠᠨ ᠡᠷᠭᠦᠯ ᠤᠳ ᠢ ᠪᠦᠭᠦᠳᠡ ᠶᠢ ᠰᠢᠨ᠎ᠡ ᠲᠣᠮᠣ ᠰᠢᠷᠡᠭᠡᠨ ᠳᠡᠭᠡᠷ᠎ᠡ ᠡᠷᠭᠦᠵᠦ᠂ ᠰᠢᠲᠠᠭᠠᠯᠭᠠᠲᠤ ᠲᠠᠬᠢᠯ ᠤᠨ ᠴᠢᠰᠤ ᠪᠣᠯᠣᠨ ᠪᠤᠰᠤᠳ ᠲᠠᠬᠢᠯ ᠤᠨ ᠴᠢᠰᠤ ᠶᠢ ᠪᠦᠭᠦᠳᠡ ᠶᠢ ᠨᠢ ᠲᠡᠭᠦᠨ ᠤᠷᠤᠭᠤ ᠰᠠᠴᠤ᠃ ᠬᠠᠷᠢᠨ ᠪᠢ ᠨᠥᠭᠥᠭᠡ ᠬᠦᠷᠡᠯ ᠲᠠᠬᠢᠯ ᠤᠨ ᠰᠢᠷᠡᠭᠡ ᠶᠢ ᠬᠤᠪᠢ ᠶᠢᠨ ᠬᠢ ᠪᠣᠯᠭᠠᠵᠤ 22 ᠬᠡᠷᠡᠭᠯᠡᠶ᠎ᠡ》 ᠭᠡᠪᠡ᠃ 16 ᠲᠠᠬᠢᠯᠴᠢ ᠦᠦᠷᠢᠶ᠎ᠠ ᠠᠬᠠᠽ ᠬᠠᠭᠠᠨ ᠤ ᠲᠤᠰᠢᠶᠠᠭᠰᠠᠨ ᠪᠦᠭᠦᠳᠡ ᠶᠢᠨ ᠳᠠᠭᠠᠤ ᠭᠦᠢᠴᠡᠳᠬᠡᠪᠡ᠃

17 ᠲᠡᠭᠡᠭᠡᠳ ᠠᠬᠠᠽ ᠬᠠᠭᠠᠨ ᠤᠰᠤᠨ ᠤ ᠲᠡᠷᠭᠡ ᠶᠢᠨ ᠬᠠᠰᠢᠯᠭ᠎ᠠ ᠶᠢ ᠰᠠᠯᠭᠠᠵᠤ᠂ ᠤᠬᠢᠶᠠᠯᠭ᠎ᠠ ᠶᠢᠨ ᠰᠠᠪᠠ ᠶᠢ ᠠᠪᠤᠪᠠ᠃ ᠲᠡᠷᠡ ᠬᠦᠷᠡᠯ ᠦᠬᠡᠷ ᠤᠳ ᠤᠨ ᠳᠡᠭᠡᠷ᠎ᠡ ᠡᠴᠡ 《ᠲᠠᠩᠭᠢᠰ》 ᠢ ᠰᠠᠯᠭᠠᠨ ᠠᠪᠤᠭᠠᠳ᠂ ᠴᠢᠯᠠᠭᠤᠨ ᠲᠠᠪᠴᠠᠩ ᠳᠡᠭᠡᠷ᠎ᠡ ᠲᠠᠯᠪᠢᠪᠠ᠃ 18 ᠪᠠᠰᠠ ᠠᠰᠢᠷᠢᠶ᠎ᠠ ᠶᠢᠨ ᠬᠠᠭᠠᠨ ᠳᠤ ᠬᠦᠨᠳᠦᠳᠬᠡᠯ ᠢᠯᠡᠷᠬᠡᠶᠢᠯᠡᠬᠦ ᠭᠡᠵᠦ ᠶᠣᠬᠣᠸᠠ ᠶᠢᠨ ᠥᠷᠭᠥᠭᠡᠨ ᠳᠠᠬᠢ ᠬᠠᠭᠠᠨ ᠤ ᠠᠮᠠᠷᠠᠯ ᠤᠨ ᠡᠳᠦᠷ ᠬᠡᠷᠡᠭᠯᠡᠳᠡᠭ ᠵᠠᠮ ᠬᠢᠭᠡᠳ ᠥᠷᠭᠥᠭᠡᠨ ᠦ ᠭᠠᠳᠠᠨ᠎ᠠ ᠬᠢᠭᠰᠡᠨ ᠬᠠᠭᠠᠯᠭ᠎ᠠ ᠶᠢ ᠵᠠᠢᠯᠠᠭᠤᠯᠪᠠ᠃ 19 ᠠᠬᠠᠽ ᠤᠨ ᠦᠢᠯᠡᠳᠦᠭᠰᠡᠨ ᠪᠤᠰᠤᠳ ᠶᠠᠪᠤᠳᠠᠯ ᠶᠦᠳᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 20 ᠠᠬᠠᠽ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠵᠤ᠂ ᠳ᠋ᠠᠸᠢᠳ᠋ ᠤᠨ ᠬᠣᠲᠠ ᠳᠤ ᠡᠴᠢᠭᠡ ᠡᠪᠦᠭᠡᠳ ᠦᠨ ᠢᠶᠠᠨ ᠳᠡᠷᠭᠡᠳᠡ ᠪᠤᠯᠠᠰᠢᠯᠠᠭᠳᠠᠪᠠ᠃ ᠬᠦᠦ ᠾᠧᠽᠧᠺᠢᠶ᠎ᠠ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃