ᠬᠠᠭᠠᠳ ᠤᠨ ᠳᠡᠳ᠋ ᠠᠷᠪᠠ ᠶᠢᠰᠦ
ᠵᠥᠪᠯᠡᠭᠴᠢ ᠠᠪᠤᠷᠠᠯ ᠤᠨ ᠲᠤᠬᠠᠢ ᠡᠰᠢ ᠦᠵᠡᠭᠦᠯᠪᠡ
1 ᠾᠧᠽᠧᠺᠢᠶ᠎ᠠ ᠬᠠᠭᠠᠨ ᠡᠭᠦᠨ ᠢ ᠰᠣᠨᠣᠰᠣᠭᠠᠳ ᠬᠤᠪᠴᠠᠰᠤ ᠪᠠᠨ ᠤᠷᠠᠵᠤ᠂ ᠲᠠᠭᠠᠷ ᠨᠥᠮᠥᠷᠥᠨ᠂ ᠶᠣᠬᠣᠸᠠ ᠶᠢᠨ ᠥᠷᠭᠥᠭᠡᠨ ᠳᠦ ᠣᠷᠣᠭᠰᠠᠨ ᠪᠥᠭᠡᠳ 2 ᠣᠷᠳᠣᠨ ᠤ ᠳᠠᠭᠠᠭᠠᠮᠠᠯ ᠡᠯᠢᠶᠠᠺᠢᠮ᠂ ᠪᠢᠴᠢᠭᠡᠴᠢ ᠱᠧᠪᠨᠠ ᠪᠣᠯᠣᠨ ᠲᠠᠬᠢᠯᠴᠢᠳ ᠤᠨ ᠠᠬᠠᠮᠠᠳ ᠤᠳ ᠢ ᠲᠠᠭᠠᠷ ᠨᠥᠮᠥᠷᠥᠭᠰᠡᠨ ᠬᠡᠪ ᠢᠶᠡᠷ ᠨᠢ ᠠᠮᠣᠽ ᠤᠨ ᠬᠦᠦ ᠡᠰᠢ ᠦᠵᠡᠭᠦᠯᠦᠭᠴᠢ ᠢᠰᠠᠢᠶ᠎ᠠ ᠤᠷᠤᠭᠤ ᠢᠯᠡᠭᠡᠪᠡ᠃ 3 ᠲᠡᠳᠡ ᠢᠰᠠᠢᠶ᠎ᠠ ᠳᠤ᠄ 《ᠾᠧᠽᠧᠺᠢᠶ᠎ᠠ ᠡᠢᠨ ᠬᠦ ᠬᠡᠯᠡᠪᠡ᠄ 〈ᠥᠨᠥᠳᠥᠷ ᠪᠣᠯ ᠵᠣᠪᠠᠯᠠᠩ᠂ ᠵᠢᠮᠡᠯᠡᠯ ᠪᠠ ᠪᠠᠰᠤᠮᠵᠢᠯᠠᠯ ᠤᠨ ᠡᠳᠦᠷ ᠶᠤᠮ᠃ ᠬᠡᠦᠬᠡᠳ ᠤᠳ ᠨᠢ ᠲᠥᠷᠥᠬᠦ ᠶᠢᠨ ᠠᠮᠠᠰᠠᠷ ᠳᠡᠭᠡᠷ᠎ᠡ ᠢᠷᠡᠭᠰᠡᠨ ᠪᠠᠢᠬᠤ ᠳᠤ᠂ ᠲᠥᠷᠥᠭᠦᠯᠬᠦ ᠬᠦᠴᠦ ᠦᠭᠡᠢ ᠪᠠᠢᠨ᠎ᠠ᠃ 4 ᠲᠠᠨ ᠤ ᠪᠤᠷᠬᠠᠨ ᠶᠣᠬᠣᠸᠠ ᠷᠠᠪᠱᠠᠺᠧ ᠶᠢᠨ ᠬᠡᠯᠡᠭᠰᠡᠨ ᠪᠦᠭᠦᠳᠡ ᠶᠢ ᠰᠣᠨᠣᠰᠣᠭᠰᠠᠨ ᠪᠠᠢᠬ᠎ᠠ᠃ ᠲᠡᠭᠦᠨ ᠦ ᠡᠵᠡᠨ ᠠᠰᠢᠷᠢᠶ᠎ᠠ ᠶᠢᠨ ᠬᠠᠭᠠᠨ ᠲᠡᠭᠦᠨ ᠢ ᠢᠯᠡᠭᠡᠵᠦ ᠠᠮᠢᠳᠤ ᠪᠤᠷᠬᠠᠨ ᠢ ᠳᠣᠷᠣᠮᠵᠢᠯᠠᠭᠤᠯᠤᠭᠰᠠᠨ ᠶᠤᠮ᠃ ᠲᠠᠨ ᠤ ᠪᠤᠷᠬᠠᠨ ᠶᠣᠬᠣᠸᠠ ᠰᠣᠨᠣᠰᠣᠭᠰᠠᠨ ᠦᠭᠡ ᠪᠡᠷ ᠢᠶᠠᠨ ᠲᠡᠭᠦᠨ ᠢ ᠵᠢᠮᠡᠯᠡᠨ᠎ᠡ᠃ ᠲᠡᠭᠡᠬᠦᠯᠡᠷ ᠲᠠ ᠡ᠊ᠨᠳᠡ ᠦᠯᠡᠳᠡᠭᠰᠡᠨ ᠬᠥᠮᠦᠰ ᠦᠨ ᠲᠥᠯᠥᠭᠡ ᠳᠠᠭᠠᠳᠬᠠᠨ᠎ᠠ ᠤᠤ︖〉》 ᠭᠡᠵᠡᠢ᠃ 5 ᠲᠡᠢᠨ ᠬᠦ ᠾᠧᠽᠧᠺᠢᠶ᠎ᠠ ᠬᠠᠭᠠᠨ ᠤ ᠲᠦᠰᠢᠮᠡᠳ ᠢᠰᠠᠢᠶ᠎ᠠ ᠤᠷᠤᠭᠤ ᠢᠷᠡᠬᠦ ᠳᠦ᠂ 6 ᠢᠰᠠᠢᠶ᠎ᠠ ᠲᠡᠳᠡᠨ ᠳᠦ᠄ 《ᠡᠵᠡᠨ ᠳᠡᠭᠡᠨ ᠬᠡᠯᠡᠭᠲᠦᠨ᠂ ᠶᠣᠬᠣᠸᠠ ᠡᠢᠨ ᠬᠦ ᠠᠢᠯᠠᠳᠴᠤ ᠪᠠᠢᠨ᠎ᠠ᠄ 〈ᠴᠢ ᠰᠣᠨᠣᠰᠣᠭᠰᠠᠨ ᠦᠭᠡᠨ ᠡᠴᠡ ᠪᠡᠨ᠂ ᠨᠠᠮᠠᠶᠢ ᠳᠣᠷᠣᠮᠵᠢᠯᠠᠭᠰᠠᠨ ᠠᠰᠢᠷᠢᠶ᠎ᠠ ᠶᠢᠨ ᠬᠠᠭᠠᠨ ᠤ ᠵᠠᠷᠤᠴᠠ ᠨᠠᠷ ᠤᠨ ᠦᠭᠡᠨ ᠡᠴᠡ ᠪᠦᠦ ᠠᠶᠤ᠃ 7 ᠬᠠᠷ᠎ᠠ᠂ ᠪᠢ ᠲᠡᠭᠦᠨ ᠦ ᠳᠣᠲᠣᠷ᠎ᠠ ᠨᠢᠭᠡ ᠰᠦᠨᠡᠰᠦ ᠶᠢ ᠣᠷᠣᠭᠤᠯᠤᠨ᠎ᠠ᠂ ᠲᠡᠷᠡ ᠨᠢᠭᠡ ᠮᠡᠳᠡᠭᠡ ᠰᠣᠨᠣᠰᠣᠭᠠᠳ ᠨᠤᠲᠤᠭ ᠤᠷᠤᠭᠤ ᠪᠠᠨ ᠪᠤᠴᠠᠬᠤ ᠪᠥᠭᠡᠳ ᠪᠢ ᠲᠡᠭᠦᠨ ᠢ ᠥᠪᠡᠷ ᠦᠨ ᠬᠢᠨᠢ ᠨᠤᠲᠤᠭ ᠲᠤ ᠢᠯᠳᠦ ᠪᠡᠷ ᠤᠨᠠᠭᠠᠨ᠎ᠠ〉》 ᠭᠡᠪᠡ᠃
8 ᠲᠡᠭᠡᠬᠦ ᠳᠦ ᠷᠠᠪᠱᠠᠺᠧ ᠡᠷᠭᠢᠵᠦ᠂ ᠯᠢᠪᠨᠠ ᠳᠤ ᠳᠠᠢᠲᠤᠵᠤ ᠪᠤᠢ ᠠᠰᠢᠷᠢᠶ᠎ᠠ ᠶᠢᠨ ᠬᠠᠭᠠᠨ ᠲᠠᠢ ᠪᠠᠨ ᠨᠠᠢᠯᠠᠪᠠ᠃ ᠤᠴᠢᠷ ᠨᠢ ᠬᠠᠭᠠᠨ ᠤ ᠪᠠᠨ ᠯᠠᠺᠢᠱ ᠡᠴᠡ ᠲᠡᠰᠢ ᠬᠥᠳᠡᠯᠬᠦ ᠶᠢ ᠷᠠᠪᠱᠠᠺᠧ ᠰᠣᠨᠣᠰᠣᠭᠰᠠᠨ ᠪᠠᠢᠪᠠ᠃ 9 ᠡᠲ᠋ᠢᠶᠤᠫᠢᠶᠠ ᠶᠢᠨ ᠬᠠᠭᠠᠨ ᠲᠢᠷᠬᠠᠺᠠ ᠶᠢᠨ ᠥᠪᠡᠷ ᠲᠡᠢ ᠨᠢ ᠳᠠᠢᠲᠤᠬᠤ ᠪᠠᠷ ᠭᠠᠷᠴᠤ ᠪᠤᠢ ᠮᠡᠳᠡᠭᠡ ᠠᠰᠢᠷᠢᠶ᠎ᠠ ᠶᠢᠨ ᠬᠠᠭᠠᠨ ᠳᠤ ᠬᠦᠷᠪᠡ᠃ ᠲᠡᠷᠡ ᠾᠧᠽᠧᠺᠢᠶ᠎ᠠ ᠳᠤ ᠡᠯᠴᠢᠳ ᠢᠯᠡᠭᠡᠨ᠄ 10 《ᠶᠦᠳᠠ ᠶᠢᠨ ᠬᠠᠭᠠᠨ ᠾᠧᠽᠧᠺᠢᠶ᠎ᠠ ᠳᠤ ᠶᠠᠷᠢ᠄ 〈ᠴᠢᠨᠦ ᠢᠲᠡᠭᠡᠵᠦ ᠪᠤᠢ ᠪᠤᠷᠬᠠᠨ ᠶᠧᠷᠦ᠋ᠰᠠᠯᠧᠮ ᠢ ᠠᠰᠢᠷᠢᠶ᠎ᠠ ᠶᠢᠨ ᠬᠠᠭᠠᠨ ᠤ ᠭᠠᠷ ᠲᠤ ᠲᠤᠰᠢᠶᠠᠬᠤ ᠦᠭᠡᠢ〉 ᠭᠡᠵᠦ ᠴᠢᠮᠠᠶᠢ ᠪᠦᠦ ᠮᠡᠬᠡᠯᠡᠭ᠃ 11 ᠠᠰᠢᠷᠢᠶ᠎ᠠ ᠶᠢᠨ ᠬᠠᠭᠠᠳ ᠬᠠᠮᠤᠭ ᠭᠦᠷᠦᠨ ᠳᠦ ᠶᠠᠭᠤ ᠬᠢᠭᠰᠡᠨ ᠢ᠂ ᠲᠡᠳᠡᠨ ᠢ ᠬᠡᠷᠬᠢᠨ ᠤᠰᠠᠳᠬᠠᠭᠰᠠᠨ ᠢ ᠴᠢ ᠯᠠᠪ ᠰᠣᠨᠣᠰᠣᠭᠰᠠᠨ ᠪᠠᠢᠬ᠎ᠠ᠂ ᠬᠠᠷᠢᠨ ᠴᠢ ᠯᠠ ᠠᠪᠤᠷᠠᠭᠳᠠᠨ᠎ᠠ ᠭᠡᠵᠢ ᠤᠤ︖ 12 ᠮᠠᠨ ᠤ ᠡᠴᠢᠭᠡ ᠡᠪᠦᠭᠡᠳ ᠭᠣᠽᠠᠨ᠂ ᠾᠠᠷᠠᠨ᠂ ᠷᠧᠽᠧᠹ ᠬᠢᠭᠡᠳ ᠲᠧᠯᠠᠰᠠᠷ ᠳᠠᠬᠢ ᠡᠳᠧᠨᠴᠤᠳ ᠢ ᠤᠰᠠᠳᠬᠠᠬᠤ ᠳᠤ᠂ ᠲᠡᠳᠡᠭᠡᠷ ᠦᠨᠳᠦᠰᠦᠲᠡᠨ ᠦ ᠪᠤᠷᠬᠠᠳ ᠲᠡᠳᠡᠨ ᠢ ᠠᠪᠤᠷᠠᠵᠤ ᠪᠠᠢᠭᠰᠠᠨ ᠤᠤ︖ 13 ᠬᠠᠮᠠᠲ ᠤᠨ ᠬᠠᠭᠠᠨ᠂ ᠠᠷᠫᠠᠳ᠋ ᠤᠨ ᠬᠠᠭᠠᠨ᠂ ᠰᠧᠹᠠᠷ ᠸᠠᠢᠮ ᠤᠨ ᠬᠣᠲᠠ ᠶᠢᠨ ᠬᠠᠭᠠᠨ᠂ ᠾᠧᠨᠠ ᠶᠢᠨ ᠬᠠᠭᠠᠨ ᠪᠣᠯᠣᠨ ᠢᠸᠠ ᠶᠢᠨ ᠬᠠᠭᠠᠨ ᠣᠳᠣ ᠬᠠᠮᠢᠭ᠎ᠠ ᠪᠠᠢᠨ᠎ᠠ︖〉》 ᠭᠡᠪᠡ᠃
ᠾᠧᠽᠧᠺᠢᠶ᠎ᠠ ᠶᠢᠨ ᠳᠠᠭᠠᠳᠬᠠᠯ
14 ᠾᠧᠽᠧᠺᠢᠶ᠎ᠠ ᠡᠯᠴᠢᠳ ᠤᠨ ᠭᠠᠷ ᠠᠴᠠ ᠵᠠᠬᠢᠳᠠᠯ ᠢ ᠠᠪᠴᠤ ᠤᠩ᠋ᠰᠢᠭᠠᠳ᠂ ᠶᠣᠬᠣᠸᠠ ᠶᠢᠨ ᠥᠷᠭᠥᠭᠡ ᠥᠭᠡᠳᠡ ᠣᠴᠢᠵᠤ᠂ ᠨᠥᠭᠥᠭᠡ ᠵᠠᠬᠢᠳᠠᠯ ᠢ ᠶᠣᠬᠣᠸᠠ ᠶᠢᠨ ᠡᠮᠦᠨ᠎ᠡ ᠳᠡᠯᠭᠡᠪᠡ᠃ 15 ᠾᠧᠽᠧᠺᠢᠶ᠎ᠠ ᠶᠣᠬᠣᠸᠠ ᠳᠤ ᠳᠠᠭᠠᠳᠬᠠᠨ᠄ 《ᠶᠣᠬᠣᠸᠠ᠂ ᠢᠰᠷᠧᠯ ᠤᠨ ᠪᠤᠷᠬᠠᠨ᠂ ᠺᠧᠷᠣᠪ ᠤᠳ ᠤᠨ ᠳᠡᠭᠡᠷ᠎ᠡ ᠵᠠᠯᠠᠷᠠᠭᠴᠢ᠂ ᠭᠠᠭᠴᠠ ᠬᠦ ᠲᠠ ᠯᠠ ᠬᠠᠮᠤᠭ ᠬᠠᠭᠠᠨᠴᠢᠯᠠᠯ ᠤᠨ ᠪᠤᠷᠬᠠᠨ᠂ ᠲᠠ ᠯᠠ ᠲᠩᠷᠢ ᠪᠠ ᠭᠠᠵᠠᠷ ᠢ ᠪᠦᠲᠦᠭᠡᠭᠰᠡᠨ ᠪᠢᠯᠡ᠂ 16 ᠶᠣᠬᠣᠸᠠ ᠡ᠂ ᠴᠢᠬᠢ ᠲᠠᠯᠪᠢᠨ ᠰᠣᠨᠣᠰᠣᠭᠠᠴᠢ᠂ ᠶᠣᠬᠣᠸᠠ ᠡ᠂ ᠮᠡᠯᠮᠡᠢ ᠨᠡᠭᠡᠭᠡᠨ ᠬᠠᠷᠠᠭᠠᠴᠢ᠂ ᠠᠮᠢᠳᠤ ᠪᠤᠷᠬᠠᠨ ᠢ ᠳᠣᠷᠣᠮᠵᠢᠯᠠᠬᠤ ᠪᠠᠷ ᠢᠯᠡᠭᠡᠭᠰᠡᠨ ᠰᠧᠨᠠᠾᠧᠷᠢᠪ ᠤᠨ ᠦᠭᠡᠰ ᠢ ᠰᠣᠨᠣᠰᠣᠭᠠᠴᠢ᠃ 17 ᠶᠣᠬᠣᠸᠠ ᠡ᠂ ᠠᠰᠢᠷᠢᠶ᠎ᠠ ᠶᠢᠨ ᠬᠠᠭᠠᠳ ᠲᠡᠳᠡᠭᠡᠷ ᠦᠨᠳᠦᠰᠦᠲᠡᠨ ᠢ ᠭᠠᠵᠠᠷ ᠨᠤᠲᠤᠭ ᠲᠠᠢ ᠨᠢ ᠬᠠᠮᠲᠤ ᠰᠦᠢᠳᠬᠡᠵᠦ᠂ 18 ᠲᠡᠳᠡᠨ ᠦ ᠪᠤᠷᠬᠠᠳ ᠢ ᠭᠠᠯ ᠳᠤ ᠬᠠᠶᠠᠭᠰᠠᠨ ᠨᠢ ᠦᠨᠡᠨ᠃ ᠦᠨᠡᠨ ᠳᠡᠭᠡᠨ ᠲᠡᠳᠡᠭᠡᠷ ᠨᠢ ᠪᠤᠷᠬᠠᠨ ᠪᠢᠰᠢ᠂ ᠵᠥᠪᠬᠡᠨ ᠮᠣᠳᠣ ᠴᠢᠯᠠᠭᠤ᠂ ᠬᠥᠮᠦᠨ ᠦ ᠭᠠᠷ ᠤᠨ ᠪᠦᠲᠦᠭᠡᠯ ᠪᠠᠢᠭᠰᠠᠨ᠂ ᠡᠢᠮᠦ ᠡᠴᠡ ᠯᠠ ᠲᠡᠳᠡ ᠤᠰᠠᠳᠬᠠᠭᠳᠠᠭᠰᠠᠨ ᠪᠢᠯᠡ᠃ 19 ᠣᠳᠣ ᠪᠢᠳᠡᠨ ᠦ ᠪᠤᠷᠬᠠᠨ ᠶᠣᠬᠣᠸᠠ ᠡ᠂ ᠪᠢᠳᠡᠨ ᠢ ᠲᠡᠭᠦᠨ ᠦ ᠭᠠᠷ ᠠᠴᠠ ᠠᠪᠤᠷᠠᠭᠠᠴᠢ᠂ ᠲᠡᠭᠡᠪᠡᠯ ᠭᠠᠭᠴᠠ ᠬᠦ ᠶᠣᠬᠣᠸᠠ ᠲᠠ ᠯᠠ ᠪᠤᠷᠬᠠᠨ ᠭᠡᠳᠡᠭ ᠢ ᠳᠡᠯᠡᠬᠡᠢ ᠶᠢᠨ ᠪᠦᠬᠦ ᠬᠠᠭᠠᠨᠴᠢᠯᠠᠯ ᠮᠡᠳᠡᠬᠦ ᠪᠣᠯᠣᠨ᠎ᠠ》 ᠭᠡᠪᠡ᠃
ᠶᠧᠷᠦ᠋ᠰᠠᠯᠧᠮ ᠴᠢᠯᠥᠭᠡᠯᠡᠭᠳᠡᠪᠡ
20 ᠠᠮᠣᠽ ᠤᠨ ᠬᠦᠦ ᠢᠰᠠᠢᠶ᠎ᠠ ᠾᠧᠽᠧᠺᠢᠶ᠎ᠠ ᠳᠤ ᠦᠭᠡ ᠢᠯᠡᠭᠡᠨ᠄ 《ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ ᠠᠰᠢᠷᠢᠶ᠎ᠠ ᠶᠢᠨ ᠬᠠᠭᠠᠨ ᠰᠧᠨᠠᠾᠧᠷᠢᠪ ᠤᠨ ᠤᠯᠠᠮ ᠢᠶᠠᠷ ᠴᠢᠨᠦ ᠨᠠᠳᠠ ᠳᠤ ᠳᠠᠭᠠᠳᠬᠠᠭᠰᠠᠨ ᠢ ᠪᠢ ᠰᠣᠨᠣᠰᠣᠯ᠎ᠠ᠂ 21 ᠲᠡᠭᠦᠨ ᠦ ᠲᠤᠬᠠᠢ ᠶᠣᠬᠣᠸᠠ ᠶᠢᠨ ᠠᠢᠯᠠᠳᠤᠭᠰᠠᠨ ᠦᠭᠡ ᠡᠨᠡ ᠪᠠᠢᠨ᠎ᠠ᠄ ᠽᠢᠶᠣᠨ ᠤ ᠣᠩ᠋ᠭᠣᠨ ᠥᠬᠢᠨ ᠴᠢᠮᠠᠶᠢ ᠳᠣᠭᠣᠭᠢᠯᠠᠵᠤ᠂ ᠡᠯᠡᠭᠯᠡᠪᠡ ᠶᠧᠷᠦ᠋ᠰᠠᠯᠧᠮ ᠤᠨ ᠥᠬᠢᠨ ᠴᠢᠨᠦ ᠠᠷᠤ ᠠᠴᠠ ᠲᠣᠯᠣᠭᠠᠢ ᠪᠠᠨ ᠰᠡᠭᠰᠦᠷᠪᠡ᠃
22 ᠬᠡᠨ ᠢ ᠴᠢ ᠳᠣᠷᠣᠮᠵᠢᠯᠠᠵᠤ᠂ ᠲᠣᠬᠣᠭᠤᠷᠬᠠᠪᠠ︖ ᠬᠡᠨ ᠦ ᠡᠰᠡᠷᠭᠦ ᠳᠠᠭᠤ ᠪᠠᠨ ᠥᠨᠳᠥᠷᠰᠡᠭᠡᠨ᠂ ᠶᠡᠬᠡᠮᠰᠦᠭ ᠢᠶᠡᠷ ᠨᠢᠳᠦ ᠪᠡᠨ ᠡᠷᠭᠦᠪᠡ︖ ᠢᠰᠷᠧᠯ ᠤᠨ ᠠᠷᠢᠭᠤᠨ ᠨᠢᠭᠡᠨ ᠦ ᠡᠰᠡᠷᠭᠦ︕
23 ᠴᠢ ᠡᠯᠴᠢᠳ ᠢᠶᠠᠷ ᠢᠶᠠᠨ ᠶᠣᠬᠣᠸᠠ ᠶᠢ ᠳᠣᠷᠣᠮᠵᠢᠯᠠᠭᠤᠯᠵᠤ᠄ 〈ᠪᠢ ᠦᠢ ᠣᠯᠠᠨ ᠲᠡᠷᠭᠡ ᠪᠡᠷ ᠢᠶᠠᠨ ᠠᠭᠤᠯᠠᠰ ᠤᠨ ᠥᠨᠳᠥᠷᠯᠢᠭ ᠤᠳ ᠲᠤ ᠯᠧᠪᠠᠨᠣᠨ ᠤ ᠬᠠᠮᠤᠭ ᠤᠨ ᠠᠯᠤᠰ ᠬᠡᠰᠡᠭ ᠤᠳ ᠲᠤ ᠬᠦᠷᠦᠯ᠎ᠡ ᠪᠢ ᠥᠨᠳᠥᠷ ᠬᠤᠱᠢ᠂ ᠰᠢᠯᠢᠮᠡᠯ ᠨᠠᠷᠠᠰᠤᠨ ᠮᠣᠳᠣᠳ ᠢ ᠨᠢ ᠲᠠᠰᠤ ᠴᠠᠪᠴᠢᠨ ᠵᠠᠬ᠎ᠠ ᠬᠢᠵᠠᠭᠠᠷ ᠭᠠᠵᠠᠷ ᠲᠤᠨᠢ᠂ ᠬᠠᠮᠤᠭ ᠤᠨ ᠥᠳᠬᠡᠨ ᠣᠢ ᠳᠤᠨᠢ ᠬᠦᠷᠴᠦ ᠣᠴᠢᠯ᠎ᠠ᠃
24 ᠪᠢ ᠮᠠᠯᠲᠠᠵᠤ᠂ ᠬᠠᠷᠢ ᠶᠢᠨ ᠤᠰᠤ ᠶᠢ ᠤᠤᠭᠤᠵᠤ ᠬᠥᠯ ᠦᠨ ᠢᠶᠠᠨ ᠤᠯᠠ ᠪᠠᠷ ᠶᠧᠵᠢᠫᠲ ᠤᠨ ᠪᠦᠬᠦ ᠭᠣᠣᠯ ᠢ ᠬᠠᠲᠠᠭᠠᠭᠰᠠᠨ ᠪᠢᠯᠡ〉 ᠭᠡᠵᠡᠢ᠃
25 ᠴᠢ ᠬᠠᠷᠢᠨ ᠰᠣᠨᠣᠰᠣᠭ᠎ᠠ ᠦᠭᠡᠢ ᠶᠤᠮ ᠤᠤ︖ ᠥᠨᠢ ᠡᠷᠲᠡᠨ ᠡᠴᠡ ᠪᠢ ᠡᠭᠦᠨ ᠢ ᠬᠢᠵᠦ ᠡᠷᠲᠡ ᠴᠠᠭ ᠲᠤ ᠡᠭᠦᠨ ᠢ ᠲᠥᠯᠥᠪᠯᠡᠵᠦ ᠡᠳᠦᠭᠡ ᠪᠡᠶᠡᠯᠡᠭᠦᠯᠦᠭᠰᠡᠨ ᠢᠶᠡᠷ ᠴᠢ ᠪᠡᠬᠢᠯᠡᠯᠲᠡᠲᠦ ᠬᠣᠲᠠ ᠨᠤᠭᠤᠳ ᠢ ᠰᠦᠢᠷᠡᠭᠦᠯᠦᠨ ᠲᠡᠳᠡᠭᠡᠷ ᠢ ᠨᠤᠷᠠᠩᠬᠢ ᠪᠠᠯᠭᠠᠰᠤ ᠪᠣᠯᠭᠠᠭᠰᠠᠨ ᠶᠤᠮ
26 ᠡᠢᠮᠦ ᠡᠴᠡ ᠲᠡᠳᠡᠨ ᠦ ᠰᠠᠭᠤᠭᠠᠯᠢᠴᠢᠳ ᠬᠦᠴᠦ ᠮᠡᠬᠦᠰᠳᠡᠵᠦ ᠠᠶᠤᠨ ᠲᠦᠭᠰᠢᠵᠦ᠂ ᠢᠴᠢᠭᠦᠷᠢ ᠳᠤ ᠣᠷᠣᠭᠰᠠᠨ ᠲᠡᠳᠡ ᠬᠡᠭᠡᠷ᠎ᠡ ᠲᠠᠯ᠎ᠠ ᠶᠢᠨ ᠡᠪᠡᠰᠦ᠂ ᠨᠢᠯᠬ᠎ᠠ ᠨᠣᠭᠣᠭ᠎ᠠ ᠰᠢᠭ᠋ ᠪᠠᠢᠰᠢᠩ ᠤᠨ ᠣᠷᠣᠢ ᠳᠡᠭᠡᠷ᠎ᠡ ᠤᠷᠭᠤᠵᠤ ᠨᠠᠬᠢᠶᠠᠯᠠᠬᠤ ᠠᠴᠠ ᠪᠠᠨ ᠡᠮᠦᠨ᠎ᠡ ᠬᠠᠲᠠᠳᠠᠭ ᠡᠪᠡᠰᠦ ᠮᠡᠲᠦ ᠪᠣᠯᠪᠠ᠃
27 ᠬᠠᠷᠢᠨ ᠪᠢ ᠴᠢᠨᠦ ᠰᠠᠭᠤᠬᠤ ᠪᠣᠯᠣᠨ ᠭᠠᠷᠬᠤ᠂ ᠣᠷᠣᠬᠤ ᠶᠢ᠂ ᠮᠥᠨ ᠨᠠᠳᠠ ᠳᠤ ᠳᠣᠭᠰᠢᠷᠠᠬᠤ ᠶᠢ ᠴᠢᠨᠢ ᠴᠤ ᠮᠡᠳᠡᠨ᠎ᠡ᠃
28 ᠨᠠᠳᠠ ᠤᠷᠤᠭᠤ ᠬᠠᠨᠳᠤᠭᠰᠠᠨ ᠴᠢᠨᠦ ᠳᠣᠭᠰᠢᠨ ᠠᠪᠤᠷᠢ ᠴᠢᠨᠦ ᠳᠡᠭᠡᠷᠡᠯᠬᠡᠦ ᠵᠠᠩ ᠮᠢᠨᠦ ᠰᠣᠨᠣᠷ ᠲᠤ ᠬᠦᠷᠦᠭᠰᠡᠨ ᠤᠴᠢᠷ ᠠᠴᠠ ᠪᠢ ᠥᠪᠡᠷ ᠦᠨ ᠢᠶᠠᠨ ᠳᠥᠷᠥ ᠶᠢ ᠴᠢᠨᠦ ᠬᠠᠮᠠᠷ ᠲᠤ ᠵᠡᠭᠦᠯᠭᠡᠵᠦ ᠠᠮᠠ ᠶᠢ ᠴᠢᠨᠢ ᠬᠠᠵᠠᠭᠠᠷᠯᠠᠵᠤ ᠢᠷᠡᠭᠰᠡᠨ ᠵᠠᠮ ᠢᠶᠠᠷ ᠴᠢᠨᠢ ᠴᠢᠮᠠᠶᠢ ᠪᠤᠴᠠᠭᠠᠨ᠎ᠠ᠃
29 ᠾᠧᠽᠧᠺᠢᠶ᠎ᠠ᠂ ᠴᠢᠮ᠎ᠠ ᠳᠤ ᠡᠢᠮᠦ ᠲᠡᠮᠳᠡᠭ ᠪᠠᠢᠨ᠎ᠠ᠄ ᠲᠠ ᠨᠠᠷ ᠥᠨᠥ ᠵᠢᠯ ᠬᠤᠷ ᠲᠠᠷᠢᠶ᠎ᠠ ᠢᠳᠡᠵᠦ᠂ ᠬᠣᠶᠠᠳᠠᠬᠢ ᠵᠢᠯ ᠳᠤ ᠮᠥᠨ ᠬᠤᠷ ᠲᠠᠷᠢᠶ᠎ᠠ ᠢᠳᠡᠬᠦ ᠪᠣᠯᠣᠨ᠎ᠠ᠂ ᠬᠠᠷᠢᠨ ᠭᠤᠷᠪᠠᠳᠠᠬᠢ ᠵᠢᠯ ᠳᠦᠨᠢ ᠦᠷ᠎ᠡ ᠲᠠᠷᠢᠵᠤ ᠬᠤᠷᠢᠶᠠᠵᠠᠭᠠ᠂ ᠦᠵᠦᠮ ᠲᠠᠷᠢᠶᠠᠯᠠᠵᠤ᠂ ᠵᠢᠮᠢᠰ ᠢ ᠨᠢ ᠢᠳᠡᠵᠡᠭᠡ᠃ 30 ᠶᠦᠳᠠ ᠶᠢᠨ ᠭᠡᠷ ᠡᠴᠡ ᠠᠮᠢᠳᠤ ᠦᠯᠡᠳᠡᠭᠰᠡᠳ ᠳᠠᠬᠢᠨ ᠳᠣᠭᠣᠭᠰᠢ ᠪᠠᠨ ᠦᠨᠳᠦᠰᠦ ᠬᠠᠳᠬᠤᠨ᠂ ᠳᠡᠭᠡᠭᠰᠢ ᠪᠠᠨ ᠵᠢᠮᠢᠰ ᠢᠶᠠᠨ ᠭᠠᠷᠭᠠᠨ᠎ᠠ᠃ 31 ᠤᠴᠢᠷ ᠨᠢ ᠶᠧᠷᠦ᠋ᠰᠠᠯᠧᠮ ᠡᠴᠡ ᠦᠯᠡᠳᠡᠭᠰᠡᠳ᠂ ᠽᠢᠶᠣᠨ ᠠᠭᠤᠯᠠ ᠠᠴᠠ ᠠᠪᠤᠷᠠᠭᠳᠠᠭᠰᠠᠳ ᠭᠠᠷᠴᠤ ᠢᠷᠡᠨ᠎ᠡ᠃ ᠠᠤᠭ᠎ᠠ ᠬᠦᠴᠦᠲᠦ ᠶᠣᠬᠣᠸᠠ ᠶᠢᠨ ᠬᠠᠯᠠᠭᠤᠨ ᠰᠡᠳᠬᠢᠯ ᠡᠭᠦᠨ ᠢ ᠪᠡᠶᠡᠯᠡᠭᠦᠯᠦᠨ᠎ᠡ᠃
32 ᠠᠰᠢᠷᠢᠶ᠎ᠠ ᠶᠢᠨ ᠬᠠᠭᠠᠨ ᠤ ᠲᠠᠯ᠎ᠠ ᠪᠠᠷ ᠶᠣᠬᠣᠸᠠ ᠡᠢᠨ ᠬᠦ ᠠᠢᠯᠠᠳᠴᠤ ᠪᠠᠢᠨ᠎ᠠ᠄ 〈ᠡᠨᠡ ᠬᠣᠲᠠ ᠳᠤ ᠲᠡᠷᠡ ᠣᠷᠣᠵᠤ ᠢᠷᠡᠬᠦ ᠦᠭᠡᠢ᠂ ᠡᠰᠢ ᠪᠠᠨ ᠨᠤᠮᠤ ᠰᠤᠮᠤ ᠬᠠᠷᠪᠤᠬᠤ ᠦᠭᠡᠢ᠂ ᠪᠠᠮᠪᠠᠢ ᠪᠠᠷᠢᠨ ᠳᠠᠪᠰᠢᠬᠤ ᠦᠭᠡᠢ᠂ ᠪᠡᠬᠢᠯᠡᠯᠲᠡ ᠪᠣᠰᠬᠠᠬᠤ ᠦᠭᠡᠢ᠂ 33 ᠢᠷᠡᠭᠰᠡᠨ ᠵᠠᠮ ᠢᠶᠠᠷ ᠢᠶᠠᠨ ᠪᠤᠴᠠᠬᠤ ᠪᠥᠭᠡᠳ ᠡᠨᠡ ᠬᠣᠲᠠ ᠳᠤ ᠣᠷᠣᠵᠤ ᠢᠷᠡᠬᠦ ᠦᠭᠡᠢ〉᠂ ᠶᠣᠬᠣᠸᠠ ᠠᠢᠯᠠᠳᠴᠤ ᠪᠠᠢᠨ᠎ᠠ᠂ 34 〈ᠪᠢ ᠥᠪᠡᠷ ᠦᠨ ᠢᠶᠠᠨ ᠡᠮᠦᠨ᠎ᠡ ᠡᠴᠡ᠂ ᠮᠥᠨ ᠵᠠᠷᠤᠴᠠ ᠳ᠋ᠠᠸᠢᠳ᠋ ᠤᠨ ᠢᠶᠠᠨ ᠡᠮᠦᠨ᠎ᠡ ᠡᠴᠡ ᠡᠨᠡ ᠬᠣᠲᠠ ᠶᠢ ᠬᠠᠮᠠᠭᠠᠯᠠᠵᠤ ᠠᠪᠤᠷᠠᠨ᠎ᠠ〉》 ᠭᠡᠵᠦ ᠬᠡᠯᠡᠵᠡᠢ᠃
35 ᠲᠡᠷᠡ ᠰᠥᠨᠢ ᠶᠣᠬᠣᠸᠠ ᠶᠢᠨ ᠡᠯᠴᠢ ᠭᠠᠷᠴᠤ ᠢᠷᠡᠭᠡᠳ᠂ ᠠᠰᠢᠷᠢᠶᠠᠴᠤᠳ ᠤᠨ ᠬᠤᠸᠠᠷᠠᠨ ᠳᠤ ᠠᠷᠪᠠᠨ ᠨᠠᠢ᠌ᠮᠠᠨ ᠲᠦᠮᠡ ᠲᠠᠪᠤᠨ ᠮᠢᠩ᠋ᠭᠠᠨ ᠬᠥᠮᠦᠨ ᠢ ᠴᠣᠬᠢᠪᠠ᠃ ᠬᠥᠮᠦᠰ ᠥᠷᠯᠥᠭᠡ ᠡᠷᠲᠡ ᠪᠣᠰᠴᠤ ᠦᠵᠡᠬᠦ ᠳᠦ᠂ ᠲᠡᠳᠡ ᠪᠦᠭᠦᠳᠡᠭᠡᠷ ᠢᠶᠡᠨ ᠦᠬᠦᠵᠦ᠂ ᠬᠡᠭᠦᠷ ᠪᠣᠯᠵᠠᠢ︕ 36 ᠢᠩᠭᠢᠭᠡᠳ ᠠᠰᠢᠷᠢᠶ᠎ᠠ ᠶᠢᠨ ᠬᠠᠭᠠᠨ ᠰᠧᠨᠠᠾᠧᠷᠢᠪ ᠲᠡᠨᠳᠡ ᠡᠴᠡ ᠬᠥᠳᠡᠯᠦᠨ᠂ ᠨᠢᠨᠧᠸᠧ ᠤᠷᠤᠭᠤ ᠪᠤᠴᠠᠵᠤ ᠲᠡᠨᠳᠡ ᠪᠡᠨ ᠦᠯᠡᠳᠡᠪᠡ᠃ 37 ᠨᠢᠭᠡᠨ ᠡᠳᠦᠷ ᠲᠡᠷᠡ ᠨᠢᠰᠷᠣᠺ ᠪᠤᠷᠬᠠᠨ ᠤ ᠪᠠᠨ ᠳᠤᠭᠠᠩ ᠳᠤ ᠮᠥᠷᠭᠥᠯ ᠦᠢᠯᠡᠳᠴᠦ ᠪᠠᠢᠬᠤ ᠳᠤ᠂ ᠠᠳ᠋ᠷᠠᠮᠧᠯᠧᠺ᠂ ᠱᠠᠷᠧᠽᠧᠷ ᠵᠡᠷᠭᠡ ᠬᠥᠪᠡᠭᠦᠳ ᠨᠢ ᠲᠡᠭᠦᠨ ᠢ ᠢᠯᠳᠦ ᠪᠡᠷ ᠠᠯᠠᠭᠠᠳ ᠥᠪᠡᠷᠰᠡᠳ ᠢᠶᠡᠨ ᠠᠷᠠᠷᠠᠲ ᠨᠤᠲᠤᠭ ᠤᠷᠤᠭᠤ ᠵᠢᠭᠤᠲᠠᠪᠠ᠃ ᠲᠡᠭᠦᠨ ᠦ ᠣᠷᠣᠨ ᠳᠤ ᠬᠦᠦ ᠡᠰᠠᠷᠬᠠᠳᠣᠨ ᠨᠢ ᠬᠠᠭᠠᠨ ᠪᠣᠯᠵᠠᠢ᠃