ᠬᠠᠭᠠᠳ ᠤᠨ ᠳᠡᠳ᠋ ᠨᠠᠢ᠌ᠮᠠ
ᠥᠪ ᠢᠶᠡᠨ ᠪᠤᠴᠠᠭᠠᠨ ᠠᠪᠤᠭᠰᠠᠨ ᠱᠦᠨᠧᠮ ᠡᠮᠡᠭᠲᠡᠢ
1 ᠡᠯᠢᠱᠠ ᠨᠢᠭᠡᠨ ᠡᠮᠡᠭᠲᠡᠢ (ᠤᠷᠢᠳᠤ ᠨᠢ ᠡᠯᠢᠱᠠ ᠲᠡᠭᠦᠨ ᠦ ᠬᠦᠦ ᠶᠢ ᠠᠮᠢ ᠣᠷᠣᠭᠤᠯᠤᠭᠰᠠᠨ ᠠᠵᠢ᠃) ᠳᠤ᠄ 《ᠶᠣᠬᠣᠸᠠ ᠶᠢᠨ ᠳᠠᠭᠤᠳᠠᠭᠰᠠᠨ ᠳᠣᠯᠣᠭᠠᠨ ᠵᠢᠯ ᠤᠨ ᠥᠯᠥᠰᠬᠥᠯᠡᠩ ᠡᠨᠡ ᠭᠠᠵᠠᠷ ᠲᠤ ᠬᠡᠳᠦᠢᠨᠡᠢ ᠢᠷᠡᠭᠰᠡᠨ ᠪᠠᠢᠨ᠎ᠠ᠂ ᠲᠠ ᠭᠡᠷ ᠪᠦᠯᠢ ᠶᠢᠨ ᠬᠢᠨ ᠲᠠᠢ ᠪᠠᠨ ᠬᠠᠮᠲᠤ ᠡ᠊ᠨᠳᠡ ᠡᠴᠡ ᠬᠥᠳᠡᠯᠵᠦ᠂ ᠣᠷᠣᠰᠢᠨ ᠰᠠᠭᠤᠬᠤ ᠭᠠᠵᠠᠷ ᠣᠯᠣᠭᠠᠳ ᠲᠡᠨᠳᠡ ᠪᠡᠨ ᠰᠠᠭᠤᠵᠤ ᠪᠠᠢᠭᠠᠷᠠᠢ》 ᠭᠡᠰᠡᠨ ᠳᠦ᠂ 2 ᠥᠨᠥᠬᠢ ᠡᠮᠡᠭᠲᠡᠢ ᠪᠤᠷᠬᠠᠨ ᠤ ᠬᠥᠮᠦᠨ ᠦ ᠦᠭᠡ ᠪᠡᠷ ᠭᠡᠷ ᠪᠦᠯᠢ ᠶᠢᠨ ᠬᠢᠨ ᠲᠠᠢ ᠪᠠᠨ ᠬᠠᠮᠲᠤ ᠭᠠᠷᠴᠤ᠂ ᠳᠣᠯᠣᠭᠠᠨ ᠵᠢᠯ ᠤᠨ ᠲᠤᠷᠰᠢ ᠹᠢᠯᠢᠰᠲ᠋ᠴᠦᠳ ᠦᠨ ᠨᠤᠲᠤᠭ ᠲᠤ ᠰᠠᠭᠤᠭᠰᠠᠨ ᠪᠠᠢᠯ᠎ᠠ᠃ 3 ᠳᠣᠯᠣᠭᠠᠨ ᠵᠢᠯ ᠤᠨ ᠡᠴᠦᠰ ᠲᠦ ᠲᠡᠷᠡ ᠡᠮᠡᠭᠲᠡᠢ ᠹᠢᠯᠢᠰᠲ᠋ᠴᠦᠳ ᠦᠨ ᠨᠤᠲᠤᠭ ᠠᠴᠠ ᠪᠤᠴᠠᠵᠤ ᠢᠷᠡᠭᠡᠳ ᠭᠡᠷ ᠪᠣᠯᠣᠨ ᠭᠠᠵᠠᠷ ᠲᠠᠷᠢᠶ᠎ᠠ ᠪᠠᠨ ᠪᠤᠴᠠᠭᠠᠵᠤ ᠠᠪᠬᠤ ᠲᠤᠬᠠᠢ ᠬᠠᠭᠠᠨ ᠠᠴᠠ ᠭᠤᠶᠤᠬᠤ ᠪᠠᠷ ᠣᠴᠢᠪᠠ᠃ 4 ᠲᠡᠷᠡ ᠦᠶ᠎ᠡ ᠳᠦ ᠬᠠᠭᠠᠨ ᠪᠤᠷᠬᠠᠨ ᠤ ᠬᠥᠮᠦᠨ ᠦ ᠵᠠᠷᠤᠴᠠ ᠭᠧᠬᠠᠽᠢ ᠲᠠᠢ ᠶᠠᠷᠢᠯᠴᠠᠵᠤ ᠪᠠᠢᠵᠠᠢ᠃ ᠬᠠᠭᠠᠨ᠄ 《ᠡᠯᠢᠱᠠ ᠶᠢᠨ ᠦᠢᠯᠡᠳᠦᠭᠰᠡᠨ ᠠᠯᠢᠪᠠ ᠠᠭᠤᠤ ᠵᠦᠢᠯ ᠢ ᠨᠠᠳᠠ ᠳᠤ ᠶᠠᠷᠢᠵᠤ ᠥᠭᠭᠥᠭᠡᠴᠢ》 ᠭᠡᠰᠡᠨ ᠢᠶᠡᠷ 5 ᠦᠬᠦᠭᠰᠡᠨ ᠬᠥᠮᠦᠨ ᠢ ᠠᠮᠢ ᠣᠷᠣᠭᠤᠯᠤᠭᠰᠠᠨ ᠤ ᠬᠢᠨᠢ ᠲᠤᠬᠠᠢ ᠭᠧᠬᠠᠽᠢ ᠶᠠᠷᠢᠵᠤ ᠪᠠᠢᠲᠠᠯ᠎ᠠ᠂ ᠠᠮᠢ ᠣᠷᠣᠭᠰᠠᠨ ᠬᠥᠪᠡᠭᠦᠨ ᠦ ᠡᠵᠢ ᠭᠡᠷ᠂ ᠭᠠᠵᠠᠷ ᠲᠠᠷᠢᠶ᠎ᠠ ᠪᠠᠨ ᠪᠤᠴᠠᠭᠠᠵᠤ ᠠᠪᠬᠤ ᠲᠤᠬᠠᠢ ᠭᠤᠶᠤᠬᠤ ᠪᠠᠷ ᠢᠷᠡᠵᠡᠢ᠃ ᠭᠧᠬᠠᠽᠢ᠄ 《ᠡᠵᠡᠨ ᠬᠠᠭᠠᠨ ᠮᠢᠨᠢ᠂ ᠡᠨᠡ ᠴᠢᠨᠢ ᠥᠨᠥᠬᠢ ᠡᠮᠡᠭᠲᠡᠢ᠂ ᠡᠨᠡ ᠴᠢᠨᠢ ᠲᠡᠭᠦᠨ ᠦ ᠬᠦᠦ ᠰᠢᠦ ᠳᠠ᠂ ᠡᠯᠢᠱᠠ ᠲᠡᠭᠦᠨ ᠳᠦ ᠠᠮᠢ ᠣᠷᠣᠭᠤᠯᠤᠭᠰᠠᠨ》 ᠭᠡᠪᠡ᠃ 6 ᠬᠠᠭᠠᠨ ᠡᠮᠡᠭᠲᠡᠢ ᠡᠴᠡ ᠠᠰᠠᠭᠤᠬᠤ ᠳᠤ᠂ ᠲᠡᠷᠡ ᠶᠠᠷᠢᠵᠤ ᠥᠭᠭᠥᠯ᠎ᠡ᠃ ᠬᠠᠭᠠᠨ ᠲᠡᠷᠡ ᠡᠮᠡᠭᠲᠡᠢ ᠶᠢᠨ ᠬᠡᠷᠡᠭ ᠢ ᠨᠢᠭᠡᠨ ᠲᠦᠰᠢᠮᠡᠯ ᠳᠦ ᠳᠠᠭᠠᠭᠠᠯᠭᠠᠨ᠄ 《ᠡᠨᠡ ᠡᠮᠡᠭᠲᠡᠢ ᠶᠢᠨ ᠬᠢ ᠪᠠᠢᠭᠰᠠᠨ ᠪᠦᠬᠦᠨ ᠢ᠂ ᠨᠤᠲᠤᠭ ᠢᠶᠠᠨ ᠣᠷᠬᠢᠨ ᠶᠠᠪᠤᠭᠰᠠᠨ ᠲᠡᠷᠡ ᠡᠳᠦᠷ ᠡᠴᠡ ᠨᠢ ᠥᠨᠥ ᠬᠦᠷᠲᠡᠯᠡᠬᠢ ᠭᠠᠵᠠᠷ ᠲᠠᠷᠢᠶᠠᠨ ᠠᠴᠠ ᠨᠢ ᠭᠠᠷᠤᠭᠰᠠᠨ ᠪᠦᠬᠦᠨ ᠢ ᠪᠤᠴᠠᠭᠠᠨ ᠥᠭᠭᠥᠭᠲᠦᠨ》 ᠭᠡᠪᠡ᠃
ᠬᠠᠽᠠᠶᠧᠯ ᠠᠷᠠᠮ ᠤᠨ ᠬᠠᠭᠠᠨ ᠪᠣᠯᠪᠠ
7 ᠡᠯᠢᠱᠠ ᠳ᠋ᠠᠮᠠᠰᠺᠦ᠋ᠰ ᠲᠤ ᠬᠦᠷᠪᠡ᠃ ᠲᠡᠷᠡ ᠦᠶ᠎ᠡ ᠳᠦ ᠠᠷᠠᠮ ᠤᠨ ᠬᠠᠭᠠᠨ ᠪᠧᠨ ᠬᠠᠳᠠᠳ᠋ ᠡᠪᠡᠳᠴᠢᠨ ᠲᠡᠢ ᠪᠠᠢᠯ᠎ᠠ᠃ ᠬᠡᠨ ᠨᠢᠭᠡ ᠨᠢ᠄ 《ᠪᠤᠷᠬᠠᠨ ᠤ ᠬᠥᠮᠦᠨ ᠡ᠊ᠨᠳᠡ ᠢᠷᠡᠭᠡᠳ ᠪᠠᠢᠨ᠎ᠠ》 ᠭᠡᠵᠦ ᠮᠡᠳᠡᠭᠳᠡᠬᠦ ᠳᠦ᠂ 8 ᠬᠠᠭᠠᠨ ᠬᠠᠽᠠᠶᠧᠯ ᠳᠤ᠄ 《ᠴᠢ ᠪᠡᠯᠡᠭ ᠪᠡᠯᠡᠳᠬᠡᠵᠦ ᠶᠠᠪᠤᠭᠠᠳ ᠪᠤᠷᠬᠠᠨ ᠤ ᠬᠥᠮᠦᠨ ᠲᠡᠢ ᠠᠭᠤᠯᠵᠠᠵᠤ᠂ ᠮᠢᠨᠦ ᠡᠨᠡ ᠡᠪᠡᠳᠴᠢᠨ ᠡᠳᠡᠭᠡᠷᠡᠬᠦ ᠡᠰᠡᠬᠦ ᠶᠢ ᠲᠡᠭᠦᠨ ᠢᠶᠡᠷ ᠶᠣᠬᠣᠸᠠ ᠠᠴᠠ ᠠᠰᠠᠭᠤᠯᠭ᠎ᠠ》 ᠭᠡᠪᠡ᠃ 9 ᠢᠩᠭᠢᠭᠡᠳ ᠬᠠᠽᠠᠶᠧᠯ ᠳ᠋ᠠᠮᠠᠰᠺᠦ᠋ᠰ ᠤᠨ ᠠᠯᠢᠪᠠ ᠰᠠᠢᠨ ᠰᠠᠢᠬᠠᠨ ᠡᠳ᠋ ᠪᠠᠷᠠᠭ᠎ᠠ ᠶᠢ ᠪᠡᠯᠡᠭ ᠪᠣᠯᠭᠠᠨ ᠠᠪᠴᠤ ᠳᠥᠴᠢᠨ ᠲᠡᠮᠡᠭᠡᠨ ᠳᠦ ᠠᠴᠢᠭᠠᠳ ᠡᠯᠢᠱᠠ ᠲᠠᠢ ᠠᠭᠤᠯᠵᠠᠬᠤ ᠪᠠᠷ ᠶᠠᠪᠤᠯ᠎ᠠ᠃ ᠬᠠᠽᠠᠶᠧᠯ ᠲᠡᠨᠳᠡ ᠬᠦᠷᠦᠭᠡᠳ ᠲᠡᠭᠦᠨ ᠦ ᠡᠮᠦᠨ᠎ᠡ ᠵᠣᠭᠰᠣᠨ᠄ 《ᠲᠠᠨ ᠤ ᠬᠦᠦ ᠠᠷᠠᠮ ᠤᠨ ᠬᠠᠭᠠᠨ ᠪᠧᠨ ᠬᠠᠳᠠᠳ᠋ ᠡᠪᠡᠳᠴᠢᠨ ᠤ ᠪᠠᠨ ᠡᠳᠡᠭᠡᠷᠡᠬᠦ ᠡᠰᠡᠬᠦ ᠶᠢ ᠠᠰᠠᠭᠤᠯᠭᠠᠬᠤ ᠪᠠᠷ ᠨᠠᠮᠠᠶᠢ ᠲᠠᠨ ᠤᠷᠤᠭᠤ ᠢᠯᠡᠭᠡᠯ᠎ᠡ》 ᠭᠡᠵᠡᠢ᠃ 10 ᠡᠯᠢᠱᠠ᠄ 《ᠶᠠᠪᠤᠵᠤ᠂ ᠲᠡᠭᠦᠨ ᠳᠦ᠄ 〈ᠯᠠᠪᠲᠠᠢ ᠡᠳᠡᠭᠡᠨ᠎ᠡ〉 ᠭᠡᠵᠦ ᠬᠡᠯᠡ᠃ ᠭᠡᠪᠡᠴᠦ ᠲᠡᠷᠡ ᠭᠠᠷᠴᠠᠭ᠎ᠠ ᠦᠭᠡᠢ ᠦᠬᠦᠨ᠎ᠡ ᠭᠡᠳᠡᠭ ᠢ ᠶᠣᠬᠣᠸᠠ ᠨᠠᠳᠠ ᠳᠤ ᠦᠵᠡᠭᠦᠯᠦᠭᠰᠡᠨ ᠶᠤᠮ》 ᠭᠡᠳ 11 ᠬᠠᠽᠠᠶᠧᠯ ᠢ ᠢᠴᠢᠲᠡᠯᠡ ᠴᠣᠭᠣ ᠰᠢᠷᠲᠡᠵᠦ ᠪᠠᠢᠪᠠ᠃ ᠲᠡᠭᠡᠭᠡᠳ ᠪᠤᠷᠬᠠᠨ ᠤ ᠬᠥᠮᠦᠨ ᠤᠬᠢᠯᠠᠭᠰᠠᠨ ᠳᠤ᠂ 12 ᠬᠠᠽᠠᠶᠧᠯ᠄ 《ᠮᠢᠨᠦ ᠡᠵᠡᠨ ᠲᠠ ᠶᠠᠭᠤᠨ ᠳᠤ ᠤᠬᠢᠯᠠᠨ᠎ᠠ ᠪᠤᠢ︖》 ᠭᠡᠵᠦ ᠠᠰᠠᠭᠤᠪᠠ᠃ ᠡᠯᠢᠱᠠ᠄ 《ᠢᠰᠷᠧᠯᠴᠦᠳ ᠲᠦ ᠴᠢᠨᠦ ᠬᠢᠬᠦ ᠬᠣᠷᠣᠨ ᠮᠠᠭᠤ ᠶᠢ ᠪᠢ ᠮᠡᠳᠡᠭᠰᠡᠨ᠃ ᠴᠢ ᠲᠡᠳᠡᠨ ᠦ ᠪᠡᠬᠢᠯᠡᠯᠲᠡ ᠲᠠᠢ ᠭᠠᠵᠠᠷ ᠤᠳ ᠢ ᠭᠠᠯᠳᠠᠵᠤ᠂ ᠵᠠᠯᠠᠭᠤᠰ ᠢ ᠨᠢ ᠢᠯᠳᠦ ᠪᠡᠷ ᠬᠣᠷᠣᠭᠠᠨ᠂ ᠨᠢᠯᠬᠠᠰ ᠢ ᠨᠢ ᠪᠢᠴᠠ ᠰᠠᠪᠠᠵᠤ᠂ ᠵᠢᠷᠮᠦᠰᠦᠨ ᠡᠮᠡᠭᠲᠡᠢᠴᠦᠳ ᠦᠨ ᠬᠢᠨᠢ ᠭᠡᠳᠡᠰᠦ ᠶᠢ ᠬᠠᠭᠠᠯᠬᠤ ᠪᠣᠯᠣᠨ᠎ᠠ》 ᠭᠡᠵᠦ ᠬᠠᠷᠢᠭᠤᠯᠪᠠ᠃ 13 ᠬᠠᠽᠠᠶᠧᠯ᠄ 《ᠨᠣᠬᠠᠢ ᠮᠡᠲᠦ ᠲᠠᠨ ᠤ ᠵᠠᠷᠤᠴᠠ ᠶᠠᠭᠤ ᠪᠣᠯᠣᠭᠠᠳ ᠲᠡᠢᠮᠦ ᠶᠡᠬᠡ ᠵᠦᠢᠯ ᠢ ᠦᠢᠯᠡᠳᠦᠨ᠎ᠡ ᠪᠤᠢ︖》 ᠭᠡᠰᠡᠨ ᠳᠦ᠂ ᠡᠯᠢᠱᠠ᠄ 《ᠴᠢᠮᠠᠶᠢ ᠠᠷᠠᠮ ᠤᠨ ᠬᠠᠭᠠᠨ ᠪᠣᠯᠣᠨ᠎ᠠ ᠭᠡᠳᠡᠭ ᠢ ᠶᠣᠬᠣᠸᠠ ᠨᠠᠳᠠ ᠳᠤ ᠦᠵᠡᠭᠦᠯᠦᠭᠰᠡᠨ ᠶᠤᠮ》 ᠭᠡᠪᠡ᠃ 14 ᠢᠩᠭᠢᠭᠡᠳ ᠬᠠᠽᠠᠶᠧᠯ ᠡᠯᠢᠱᠠ ᠶᠢ ᠣᠷᠬᠢᠨ᠂ ᠡᠵᠡᠨ ᠤᠷᠤᠭᠤ ᠪᠠᠨ ᠪᠤᠴᠠᠯ᠎ᠠ᠃ ᠪᠧᠨ ᠬᠠᠳᠠᠳ᠋ ᠲᠡᠭᠦᠨ ᠡᠴᠡ᠄ 《ᠡᠯᠢᠱᠠ ᠶᠠᠭᠤ ᠭᠡᠵᠦ ᠬᠡᠯᠡᠪᠡ︖》 ᠭᠡᠰᠡᠨ ᠳᠦ᠂ ᠲᠡᠷᠡ ᠪᠡᠷ᠄ 《ᠲᠠᠨ ᠢ ᠯᠠᠪᠲᠠᠢ ᠡᠳᠡᠭᠡᠷᠡᠨ᠎ᠡ ᠭᠡᠵᠦ ᠬᠡᠯᠡᠯ᠎ᠡ》 ᠭᠡᠵᠦ ᠬᠠᠷᠢᠭᠤᠯᠪᠠ᠃ 15 ᠳᠠᠷᠠᠭ᠎ᠠ ᠡᠳᠦᠷ ᠨᠢ ᠬᠠᠽᠠᠶᠧᠯ ᠵᠤᠵᠠᠭᠠᠨ ᠠᠯᠴᠢᠭᠤᠷ ᠠᠪᠤᠭᠠᠳ ᠤᠰᠤᠨ ᠳᠤ ᠳᠦᠷᠦᠵᠦ᠂ ᠪᠧᠨ ᠬᠠᠳᠠᠳ᠋ ᠤᠨ ᠨᠢᠭᠤᠷ ᠢ ᠪᠦᠲᠡᠭᠡᠭᠰᠡᠨ ᠳᠦ᠂ ᠲᠡᠷᠡ ᠦᠬᠦᠵᠡᠢ᠃ ᠬᠠᠽᠠᠶᠧᠯ ᠲᠡᠭᠦᠨ ᠦ ᠣᠷᠣᠨ ᠳᠤ ᠬᠠᠭᠠᠨ ᠪᠣᠯᠣᠭᠰᠠᠨ ᠪᠠᠢᠨ᠎ᠠ᠃
ᠶᠦᠳᠠ ᠶᠢᠨ ᠬᠠᠭᠠᠨ ᠶᠧᠬᠣᠷᠠᠮ
16 ᠢᠰᠷᠧᠯ ᠤᠨ ᠬᠠᠭᠠᠨ ᠠᠬᠠᠪ ᠤᠨ ᠬᠦᠦ ᠶᠣᠷᠠᠮ ᠤᠨ ᠲᠠᠪᠤᠳᠤᠭᠠᠷ ᠣᠨ ᠳᠤ᠂ ᠶᠧᠬᠣᠱᠠᠹᠠᠲ ᠬᠠᠭᠠᠨ ᠪᠣᠯᠪᠠ᠃ ᠶᠧᠬᠣᠱᠠᠹᠠᠲ ᠶᠦᠳᠠ ᠶᠢ ᠬᠠᠭᠠᠨᠴᠢᠯᠠᠵᠤ ᠪᠠᠢᠬᠤ ᠳᠤ᠂ ᠬᠦᠦ ᠶᠧᠬᠣᠷᠠᠮ ᠨᠢ ᠬᠠᠭᠠᠨ ᠪᠣᠯᠪᠠ᠃ 17 ᠶᠧᠬᠣᠷᠠᠮ ᠭᠤᠴᠢᠨ ᠬᠣᠶᠠᠷ ᠨᠠᠰᠤ ᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠨᠠᠢ᠌ᠮᠠᠨ ᠵᠢᠯ ᠬᠠᠭᠠᠨᠴᠢᠯᠠᠵᠠᠢ᠃ 18 ᠲᠡᠷᠡ ᠪᠡᠷ ᠠᠬᠠᠪ ᠤᠨ ᠥᠬᠢᠨ ᠲᠠᠢ ᠭᠡᠷᠯᠡᠭᠰᠡᠨ ᠪᠣᠯᠬᠣᠷ ᠠᠬᠠᠪ ᠤᠨ ᠭᠡᠷ ᠦᠨ ᠦᠢᠯᠡᠳᠦᠭᠰᠡᠨ ᠲᠡᠢ ᠠᠳᠠᠯᠢ ᠢᠰᠷᠧᠯ ᠤᠨ ᠬᠠᠭᠠᠳ ᠤᠨ ᠵᠠᠮ ᠢᠶᠠᠷ ᠶᠠᠪᠤᠵᠤ᠂ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠪᠡ᠃ 19 ᠬᠠᠷᠢᠨ ᠶᠣᠬᠣᠸᠠ ᠵᠠᠷᠤᠴᠠ ᠳ᠋ᠠᠸᠢᠳ᠋ ᠤᠨ ᠢᠶᠠᠨ ᠤᠯᠠᠮ ᠢᠶᠠᠷ ᠯᠠ ᠶᠦᠳᠠ ᠶᠢ ᠤᠰᠠᠳᠬᠠᠬᠤ ᠦᠭᠡᠢ ᠪᠠᠢᠯ᠎ᠠ᠃ ᠤᠤᠯ ᠨᠢ ᠶᠣᠬᠣᠸᠠ ᠳ᠋ᠠᠸᠢᠳ᠋ ᠪᠣᠯᠣᠨ ᠲᠡᠭᠦᠨ ᠦ ᠦᠷ᠎ᠡ ᠤᠳᠤᠮ ᠤᠨ ᠳ᠋ᠧᠩ ᠢ ᠦᠷᠭᠦᠯᠵᠢ ᠪᠠᠢᠯᠭᠠᠨ᠎ᠠ ᠬᠡᠮᠡᠨ ᠠᠢᠯᠠᠳᠤᠭᠰᠠᠨ ᠶᠤᠮ᠃
20 ᠶᠧᠬᠣᠷᠠᠮ ᠤᠨ ᠡᠳᠦᠷ ᠤᠳ ᠲᠤ ᠡᠳᠣᠮ ᠶᠦᠳᠠ ᠠᠴᠠ ᠤᠷᠪᠠᠨ ᠥᠪᠡᠷ ᠦᠨ ᠢᠶᠠᠨ ᠬᠠᠭᠠᠨ ᠲᠠᠢ ᠪᠣᠯᠣᠭᠰᠠᠨ ᠳᠤ᠂ 21 ᠶᠧᠬᠣᠷᠠᠮ ᠬᠠᠮᠤᠭ ᠲᠡᠷᠭᠡ ᠪᠡᠨ ᠬᠥᠳᠡᠯᠭᠡᠨ ᠽᠠᠢᠷ ᠤᠷᠤᠭᠤ ᠳᠠᠪᠰᠢᠪᠠ᠃ ᠡᠳᠣᠮᠴᠤᠳ ᠶᠧᠬᠣᠷᠠᠮ ᠪᠣᠯᠣᠨ ᠲᠡᠭᠦᠨ ᠦ ᠲᠡᠷᠭᠡᠲᠦ ᠵᠠᠩᠵᠤᠨ ᠨᠠᠷ ᠢ ᠪᠦᠰᠡᠯᠡᠬᠦ ᠳᠦ᠂ ᠶᠧᠬᠣᠷᠠᠮ ᠰᠥᠨᠢ ᠪᠠᠷ ᠪᠣᠰᠴᠤ ᠡᠳᠣᠮᠴᠤᠳ ᠢ ᠴᠣᠬᠢᠪᠠ᠃ ᠬᠠᠷᠢᠨ ᠴᠡᠷᠢᠭ ᠤᠳ ᠨᠢ ᠭᠡᠷ ᠭᠡᠷ ᠤᠷᠤᠭᠤ ᠪᠠᠨ ᠵᠢᠭᠤᠲᠠᠵᠠᠢ᠃ 22 ᠢᠩᠭᠢᠭᠡᠳ ᠡᠳᠣᠮ ᠥᠨᠥᠳᠥᠷ ᠬᠦᠷᠲᠡᠯ᠎ᠡ ᠶᠦᠳᠠ ᠠᠴᠠ ᠤᠷᠪᠠᠭᠰᠠᠨ ᠬᠡᠪ ᠢᠶᠡᠷ ᠢᠶᠠᠨ ᠪᠠᠢᠨ᠎ᠠ᠃ ᠯᠢᠪᠨᠠ ᠴᠤ ᠲᠡᠷᠡ ᠦᠶ᠎ᠡ ᠳᠦ ᠤᠷᠪᠠᠵᠠᠢ᠃ 23 ᠶᠧᠬᠣᠷᠠᠮ ᠤᠨ ᠪᠤᠰᠤᠳ ᠶᠠᠪᠤᠳᠠᠯ ᠪᠣᠯᠣᠨ ᠲᠡᠭᠦᠨ ᠦ ᠦᠢᠯᠡᠳᠦᠭᠰᠡᠨ ᠪᠦᠬᠦᠨ ᠶᠦᠳᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 24 ᠶᠧᠬᠣᠷᠠᠮ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠰᠠᠨ ᠪᠥᠭᠡᠳ ᠡᠴᠢᠭᠡ ᠡᠪᠦᠭᠡᠳ ᠦᠨ ᠢᠶᠠᠨ ᠳᠡᠷᠭᠡᠳᠡ ᠳ᠋ᠠᠸᠢᠳ᠋ ᠤᠨ ᠬᠣᠲᠠ ᠳᠤ ᠪᠤᠯᠠᠰᠢᠯᠠᠭᠳᠠᠵᠠᠢ᠃ ᠬᠦᠦ ᠠᠬᠠᠽᠢᠶ᠎ᠠ ᠨᠢ ᠲᠡᠭᠦᠨ ᠢ ᠵᠠᠯᠭᠠᠮᠵᠢᠯᠠᠨ ᠬᠠᠭᠠᠨ ᠪᠣᠯᠵᠠᠢ᠃
ᠶᠦᠳᠠ ᠶᠢᠨ ᠬᠠᠭᠠᠨ ᠠᠬᠠᠽᠢᠶ᠎ᠠ
25 ᠢᠰᠷᠧᠯ ᠤᠨ ᠬᠠᠭᠠᠨ ᠠᠬᠠᠪ ᠤᠨ ᠬᠦᠦ ᠶᠣᠷᠠᠮ ᠤᠨ ᠠᠷᠪᠠᠨ ᠬᠣᠶᠠᠳᠤᠭᠠᠷ ᠣᠨ ᠳᠤ᠂ ᠶᠦᠳᠠ ᠶᠢᠨ ᠬᠠᠭᠠᠨ ᠶᠧᠬᠣᠷᠠᠮ ᠤᠨ ᠬᠦᠦ ᠠᠬᠠᠽᠢᠶ᠎ᠠ ᠬᠠᠭᠠᠨ ᠪᠣᠯᠪᠠ᠃ 26 ᠠᠬᠠᠽᠢᠶ᠎ᠠ ᠬᠣᠷᠢᠨ ᠬᠣᠶᠠᠷ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠨᠢᠭᠡ ᠵᠢᠯ ᠬᠠᠭᠠᠨᠴᠢᠯᠠᠪᠠ᠃ ᠡᠬᠡ ᠨᠢ ᠠᠲ᠋ᠠᠯᠢᠶ᠎ᠠ ᠭᠡᠳᠡᠭ ᠪᠥᠭᠡᠳ ᠢᠰᠷᠧᠯ ᠤᠨ ᠬᠠᠭᠠᠨ ᠣᠮᠷᠢ ᠶᠢᠨ ᠠᠴᠢ ᠥᠬᠢᠨ ᠪᠠᠢᠪᠠ᠃ 27 ᠠᠬᠠᠽᠢᠶ᠎ᠠ ᠠᠬᠠᠪ ᠤᠨ ᠭᠡᠷ ᠦᠨ ᠬᠦᠷᠭᠡᠨ ᠪᠣᠯᠬᠣᠷ ᠠᠬᠠᠪ ᠤᠨ ᠭᠡᠷ ᠦᠨ ᠬᠢᠨ ᠤ ᠵᠠᠮ ᠢᠶᠠᠷ ᠶᠠᠪᠤᠵᠤ᠂ ᠠᠬᠠᠪ ᠤᠨ ᠭᠡᠷ ᠦᠨ ᠬᠢᠨ ᠲᠠᠢ ᠠᠳᠠᠯᠢ ᠶᠣᠬᠣᠸᠠ ᠶᠢᠨ ᠮᠡᠯᠮᠡᠢ ᠳᠦ ᠮᠠᠭᠤ ᠶᠢ ᠦᠢᠯᠡᠳᠴᠡᠢ᠃ 28 ᠠᠬᠠᠽᠢᠶ᠎ᠠ ᠠᠷᠠᠮ ᠤᠨ ᠬᠠᠭᠠᠨ ᠬᠠᠽᠠᠶᠧᠯ ᠲᠠᠢ ᠲᠤᠯᠤᠯᠳᠤᠬᠤ ᠪᠠᠷ ᠠᠬᠠᠪ ᠤᠨ ᠬᠦᠦ ᠶᠣᠷᠠᠮ ᠲᠠᠢ ᠬᠠᠮᠲᠤ ᠷᠠᠮᠣᠲ ᠭᠢᠯᠧᠶᠠᠳ᠋ ᠤᠷᠤᠭᠤ ᠣᠴᠢᠭᠰᠠᠨ ᠦᠶ᠎ᠡ ᠳᠦ᠂ ᠠᠷᠠᠮᠴᠤᠳ ᠶᠣᠷᠠᠮ ᠢ ᠰᠢᠷᠬᠠᠲᠤᠭᠤᠯᠵᠠᠢ᠃ 29 ᠲᠡᠢᠨ ᠬᠦ ᠶᠣᠷᠠᠮ ᠬᠠᠭᠠᠨ ᠠᠷᠠᠮ ᠤᠨ ᠬᠠᠭᠠᠨ ᠬᠠᠽᠠᠶᠧᠯ ᠲᠠᠢ ᠷᠠᠮᠣᠲ ᠲᠤ ᠲᠤᠯᠤᠯᠳᠤᠵᠤ ᠪᠠᠢᠬᠤ ᠳᠠᠭᠠᠨ ᠰᠢᠷᠬᠠᠲᠤᠭᠰᠠᠨ ᠰᠢᠷᠬ᠎ᠠ ᠪᠠᠨ ᠡᠮᠨᠡᠭᠦᠯᠬᠦ ᠪᠡᠷ ᠶᠧᠽᠷᠧᠯ ᠤᠷᠤᠭᠤ ᠪᠤᠴᠠᠪᠠ᠃ ᠠᠬᠠᠪ ᠤᠨ ᠬᠦᠦ ᠶᠣᠷᠠᠮ ᠰᠢᠷᠬᠠᠲᠤᠭᠰᠠᠨ ᠳᠤ᠂ ᠶᠧᠬᠣᠷᠠᠮ ᠤᠨ ᠬᠦᠦ ᠶᠦᠳᠠ ᠶᠢᠨ ᠬᠠᠭᠠᠨ ᠠᠬᠠᠽᠢᠶ᠎ᠠ ᠲᠡᠭᠦᠨ ᠢ ᠪᠣᠯᠭᠣᠭᠠᠬᠤ ᠪᠠᠷ ᠶᠧᠽᠷᠧᠯ ᠤᠷᠤᠭᠤ ᠣᠴᠢᠵᠠᠢ᠃