1 2 3 4 5 6 7 8 9 10 11 12 13 14 15 16 17 18 19 20 21 22


ᠢᠯᠡᠷᠬᠡᠶᠢᠯᠡᠯᠭᠡ ᠵᠢᠷᠭᠤᠭ᠎ᠠ
 ᠠᠩ᠋ᠬᠠᠨ ᠤ ᠳᠣᠯᠣᠭᠠᠨ ᠲᠠᠮᠠᠭ᠎ᠠ ᠶᠢ ᠵᠠᠳᠠᠯᠤᠭᠰᠠᠨ ᠨᠢ

1 ᠬᠤᠷᠠᠭ᠎ᠠ ᠳᠣᠯᠣᠭᠠᠨ ᠲᠠᠮᠠᠭᠠᠨ ᠤ ᠨᠢᠭᠡ ᠶᠢ ᠵᠠᠳᠠᠯᠬᠤ ᠶᠢ ᠪᠢ ᠬᠠᠷᠠᠪᠠ᠃ ᠮᠥᠨ ᠳᠥᠷᠪᠡᠨ ᠠᠮᠢᠳᠤ ᠪᠡᠶᠡᠲᠡᠨ ᠦ ᠨᠢᠭᠡ ᠶᠢᠨ ᠠᠶᠤᠩ᠋ᠭ᠎ᠠ ᠮᠡᠲᠦ ᠳᠠᠭᠤᠨ ᠢᠶᠠᠷ᠄ 《ᠢᠷ᠎ᠡ》 ᠭᠡᠬᠦ ᠶᠢ ᠰᠣᠨᠣᠰᠣᠯ᠎ᠠ᠃ 2 ᠪᠢ ᠨᠢᠭᠡᠨ ᠴᠠᠭᠠᠨ ᠮᠣᠷᠢ ᠬᠠᠷᠠᠯ᠎ᠠ᠃ ᠤᠨᠤᠭᠴᠢ ᠨᠢ ᠨᠤᠮᠤ ᠪᠠᠷᠢᠵᠤ ᠪᠠᠰᠠ ᠲᠡᠭᠦᠨ ᠳᠦ ᠲᠢᠲᠢᠮ ᠥᠭᠭᠥᠭᠳᠡᠭᠰᠡᠨ ᠪᠥᠭᠡᠳ ᠢᠯᠠᠨ ᠢᠯᠠᠬᠤ ᠪᠠᠷ ᠶᠠᠪᠤᠯ᠎ᠠ᠃

3 ᠬᠤᠷᠠᠭ᠎ᠠ ᠬᠣᠶᠠᠳᠠᠬᠢ ᠲᠠᠮᠠᠭ᠎ᠠ ᠶᠢ ᠵᠠᠳᠠᠯᠬᠤ ᠳᠤ᠂ ᠬᠣᠶᠠᠳᠠᠬᠢ ᠠᠮᠢᠳᠤ ᠪᠡᠶᠡᠲᠡᠨ ᠦ᠄ 《ᠢᠷ᠎ᠡ》 ᠭᠡᠬᠦ ᠶᠢ ᠪᠢ ᠰᠣᠨᠣᠰᠣᠯ᠎ᠠ᠃ 4 ᠲᠡᠭᠡᠬᠦ ᠳᠦ᠂ ᠥᠭᠡᠷ᠎ᠡ ᠨᠢᠭᠡ ᠭᠠᠯ ᠤᠯᠠᠭᠠᠨ ᠮᠣᠷᠢ ᠭᠠᠷᠴᠤ ᠢᠷᠡᠪᠡ᠃ ᠤᠨᠤᠭᠴᠢ ᠨᠢ ᠭᠠᠵᠠᠷ ᠠᠴᠠ ᠡᠩᠬᠡ ᠲᠠᠢᠪᠤᠩ ᠢ ᠪᠤᠯᠢᠶᠠᠵᠤ᠂ ᠬᠥᠮᠦᠰ ᠢ ᠠᠯᠠᠯᠳᠤᠭᠤᠯᠬᠤ ᠵᠥᠪᠰᠢᠶᠡᠷᠡᠯ ᠢ ᠣᠯᠪᠠ᠃ ᠪᠠᠰᠠ ᠲᠡᠭᠦᠨ ᠳᠦ ᠲᠣᠮᠣ ᠢᠯᠳᠦ ᠥᠭᠭᠥᠭᠳᠡᠵᠡᠢ᠃

5 ᠬᠤᠷᠠᠭ᠎ᠠ ᠭᠤᠷᠪᠠᠳᠠᠬᠢ ᠲᠠᠮᠠᠭ᠎ᠠ ᠶᠢ ᠵᠠᠳᠠᠯᠬᠤ ᠳᠤ᠂ ᠭᠤᠷᠪᠠᠳᠠᠬᠢ ᠠᠮᠢᠳᠤ ᠪᠡᠶᠡᠲᠡᠨ ᠦ᠄ 《ᠢᠷ᠎ᠡ》 ᠭᠡᠬᠦ ᠶᠢ ᠪᠢ ᠰᠣᠨᠣᠰᠣᠯ᠎ᠠ᠃ ᠪᠢ ᠨᠢᠭᠡᠨ ᠬᠠᠷ᠎ᠠ ᠮᠣᠷᠢ ᠬᠠᠷᠠᠯ᠎ᠠ᠃ ᠤᠨᠤᠭᠴᠢ ᠶᠢᠨ ᠭᠠᠷ ᠲᠤ ᠵᠢᠩᠯᠡᠭᠦᠷ ᠪᠠᠢᠪᠠ᠃ 6 ᠳᠥᠷᠪᠡᠨ ᠠᠮᠢᠳᠤ ᠪᠡᠶᠡᠲᠡᠨ ᠦ ᠳᠤᠮᠳᠠ ᠠᠴᠠ ᠳᠠᠭᠤ ᠮᠡᠲᠦ ᠴᠢᠮᠡᠭᠡ ᠭᠠᠷᠴᠤ᠄ 《ᠨᠢᠭᠡ ᠳ᠋ᠧᠨᠠᠷ 18  ᠲᠤ ᠨᠢᠭᠡ ᠯᠢᠲ᠋ᠷ ᠪᠤᠭᠤᠳᠠᠢ᠂ ᠨᠢᠭᠡ ᠳ᠋ᠧᠨᠠᠷ ᠲᠤ ᠭᠤᠷᠪᠠᠨ ᠯᠢᠲ᠋ᠷ ᠠᠷᠪᠠᠢ᠃ ᠬᠠᠷᠢᠨ ᠴᠢᠳᠦᠨ ᠮᠣᠳᠣᠨ ᠤ ᠲᠣᠰᠣ ᠪᠠ ᠦᠵᠦᠮ ᠦᠨ ᠳᠠᠷᠠᠰᠤ ᠶᠢ ᠪᠦᠦ ᠰᠦᠢᠳᠬᠡ》 ᠭᠡᠬᠦ ᠶᠢ ᠪᠢ ᠰᠣᠨᠣᠰᠣᠯ᠎ᠠ᠃

7 ᠬᠤᠷᠠᠭ᠎ᠠ ᠳᠥᠷᠪᠡᠳᠡᠬᠢ ᠲᠠᠮᠠᠭ᠎ᠠ ᠶᠢ ᠵᠠᠳᠠᠯᠬᠤ ᠳᠤ᠂ ᠳᠥᠷᠪᠡᠳᠡᠬᠢ ᠠᠮᠢᠳᠤ ᠪᠡᠶᠡᠲᠡᠨ ᠦ᠄ 《ᠢᠷ᠎ᠡ》 ᠭᠡᠬᠦ ᠳᠠᠭᠤ ᠶᠢ ᠪᠢ ᠰᠣᠨᠣᠰᠣᠯ᠎ᠠ᠃ 8 ᠪᠢ ᠨᠢᠭᠡᠨ ᠵᠡᠪᠡᠬᠡᠢ ᠰᠠᠷᠠᠯ ᠮᠣᠷᠢ ᠬᠠᠷᠠᠯ᠎ᠠ᠃ ᠤᠨᠤᠭᠴᠢ ᠶᠢ ᠨᠢ ᠦᠬᠦᠯ ᠭᠡᠳᠡᠭ᠃ ᠦᠬᠦᠭᠰᠡᠳ ᠦᠨ ᠣᠷᠣᠨ ᠲᠡᠭᠦᠨ ᠢ ᠳᠠᠭᠠᠵᠤ ᠪᠠᠢᠯ᠎ᠠ᠃ ᠲᠡᠳᠡ ᠰᠡᠯᠡᠮ᠎ᠡ᠂ ᠥᠯᠥᠰᠬᠥᠯᠡᠩ᠂ ᠦᠬᠦᠯ ᠬᠢᠭᠡᠳ ᠭᠠᠵᠠᠷ ᠤᠨ ᠠᠷᠢᠶᠠᠲᠠᠳ ᠢᠶᠠᠷ ᠭᠠᠵᠠᠷ ᠤᠨ ᠳᠥᠷᠪᠡᠨ ᠦ ᠨᠢᠭᠡ ᠨᠤᠲᠤᠭ ᠤᠨ ᠬᠢᠨ ᠢ ᠤᠰᠠᠳᠬᠠᠬᠤ ᠡᠷᠬᠡ ᠶᠢ ᠣᠯᠵᠠᠢ᠃

9 ᠬᠤᠷᠠᠭ᠎ᠠ ᠲᠠᠪᠤᠳᠠᠬᠢ ᠲᠠᠮᠠᠭ᠎ᠠ ᠶᠢ ᠵᠠᠳᠠᠯᠬᠤ ᠳᠤ᠂ ᠪᠤᠷᠬᠠᠨ ᠤ ᠦᠭᠡ ᠶᠢᠨ ᠲᠥᠯᠥᠭᠡ᠂ ᠮᠥᠨ ᠥᠪᠡᠷᠰᠡᠳ ᠦᠨ ᠭᠡᠷᠡᠴᠢᠯᠡᠯ ᠦᠨ ᠢᠶᠠᠨ ᠲᠥᠯᠥᠭᠡ ᠠᠯᠠᠭᠳᠠᠭᠰᠠᠨ ᠬᠥᠮᠦᠰ ᠦᠨ ᠰᠦᠨᠡᠰᠦ ᠨᠦᠭᠦᠳ ᠲᠠᠬᠢᠯ ᠤᠨ ᠰᠢᠷᠡᠭᠡᠨ ᠦ ᠳᠣᠣᠷ᠎ᠠ ᠪᠠᠢᠬᠤ ᠶᠢ ᠪᠢ ᠬᠠᠷᠠᠯ᠎ᠠ᠃ 10 ᠲᠡᠳᠡ ᠶᠡᠬᠡ ᠳᠠᠭᠤ ᠪᠠᠷ᠄ 《ᠠᠷᠢᠭᠤᠨ ᠪᠠ ᠦᠨᠡᠨ ᠡᠵᠡᠨ ᠡ᠂ ᠲᠠ ᠬᠡᠳᠦᠢ ᠬᠦᠷᠲᠡᠯ᠎ᠡ ᠭᠠᠵᠠᠷ ᠳᠡᠭᠡᠷ᠎ᠡ ᠰᠠᠭᠤᠭᠴᠢᠳ ᠢ ᠰᠢᠭᠦᠬᠦ ᠦᠭᠡᠢ᠂ ᠪᠢᠳᠡᠨ ᠦ ᠴᠢᠰᠤᠨ ᠥᠰᠢᠶ᠎ᠡ ᠶᠢ ᠲᠡᠳᠡᠨ ᠡᠴᠡ ᠠᠪᠬᠤ ᠦᠭᠡᠢ ᠪᠠᠢᠬᠤ ᠶᠤᠮ ᠪᠤᠢ︖》 ᠭᠡᠵᠦ ᠬᠠᠰᠬᠢᠷᠪᠠ᠃ 11 ᠲᠡᠭᠡᠬᠦ ᠳᠦ᠂ ᠲᠡᠳᠡᠨ ᠳᠦ ᠲᠤᠰ ᠪᠦᠷᠢ ᠴᠠᠭᠠᠨ ᠨᠥᠮᠥᠷᠭᠡ ᠥᠭᠭᠥᠭᠳᠡᠭᠰᠡᠨ ᠪᠥᠭᠡᠳ 《ᠲᠠ ᠨᠠᠷ ᠮᠡᠲᠦ ᠠᠯᠠᠭᠳᠠᠬᠤ ᠨᠠᠢᠵᠠ ᠵᠠᠷᠤᠴᠠ ᠨᠠᠷ ᠪᠣᠯᠣᠨ ᠠᠬ᠎ᠠ ᠳᠡᠭᠦᠦᠰ ᠦᠨ ᠴᠢᠨᠢ ᠲᠣᠭ᠎ᠠ ᠭᠦᠢᠴᠡᠬᠦ ᠬᠦᠷᠲᠡᠯ᠎ᠡ ᠲᠠ ᠨᠠᠷ ᠲᠦᠷ ᠵᠠᠭᠤᠷ᠎ᠠ ᠠᠮᠠᠷᠠᠵᠤ ᠪᠠᠢ》 ᠭᠡᠵᠦ ᠲᠡᠳᠡᠨ ᠳᠦ ᠬᠡᠯᠡᠯ᠎ᠡ᠃

12 ᠬᠤᠷᠠᠭ᠎ᠠ ᠵᠢᠷᠭᠤᠳᠠᠬᠢ ᠲᠠᠮᠠᠭ᠎ᠠ ᠶᠢ ᠵᠠᠳᠠᠯᠬᠤ ᠶᠢ ᠪᠢ ᠬᠠᠷᠠᠯ᠎ᠠ᠃ ᠭᠠᠵᠠᠷ ᠬᠦᠴᠦᠲᠡᠢ ᠬᠥᠳᠡᠯᠦᠭᠰᠡᠨ ᠳᠦ᠂ ᠨᠠᠷᠠ ᠬᠢᠯᠭᠠᠰᠤ ᠪᠠᠷ ᠨᠡᠬᠡᠭᠰᠡᠨ ᠲᠠᠭᠠᠷ ᠮᠡᠲᠦ ᠬᠠᠷᠠᠯᠠᠨ᠂ ᠰᠠᠷᠠ ᠪᠦᠬᠦᠯᠢ ᠳᠡᠭᠡᠨ ᠴᠢᠰᠤ ᠮᠡᠲᠦ ᠪᠣᠯᠵᠤ᠂ 13 ᠲᠩᠷᠢ ᠶᠢᠨ ᠣᠳᠣᠳ ᠨᠢ ᠢᠨᠵᠢᠷ ᠤᠨ ᠮᠣᠳᠣ ᠶᠡᠬᠡ ᠰᠠᠯᠬᠢᠨ ᠳᠤ ᠭᠠᠩ᠋ᠬᠤᠬᠤ ᠳᠤ ᠪᠣᠯᠪᠠᠰᠤᠷᠠᠭ᠎ᠠ ᠦᠭᠡᠢ ᠵᠢᠮᠢᠰ ᠨᠢ ᠤᠨᠠᠳᠠᠭ ᠰᠢᠭ᠋ ᠭᠠᠵᠠᠷ ᠲᠤ ᠤᠨᠠᠪᠠ᠃ 14 ᠲᠩᠷᠢ ᠨᠢ ᠬᠤᠢᠯᠠᠮᠠᠯ ᠬᠤᠢᠯᠠᠭᠳᠠᠬᠤ ᠮᠡᠲᠦ ᠢᠷᠠᠭᠳᠠᠵᠤ᠂ ᠬᠠᠮᠤᠭ ᠠᠭᠤᠯᠠ ᠪᠠ ᠠᠷᠠᠯ ᠪᠠᠢᠷᠢ ᠡᠴᠡ ᠪᠡᠨ ᠰᠢᠯᠵᠢᠵᠡᠢ᠃ 15 ᠲᠡᠭᠡᠬᠦ ᠳᠦ᠂ ᠭᠠᠵᠠᠷ ᠤᠨ ᠬᠠᠭᠠᠳ᠂ ᠨᠣᠶᠠᠳ᠂ ᠵᠠᠩᠵᠤᠨ ᠨᠠᠷ᠂ ᠪᠠᠶᠠᠴᠤᠳ᠂ ᠬᠦᠴᠦᠲᠡᠳ ᠬᠢᠭᠡᠳ ᠪᠣᠭᠣᠯ ᠪᠠ ᠴᠢᠯᠥᠭᠡᠲᠦ ᠬᠥᠮᠦᠨ ᠪᠦᠭᠦᠳᠡᠭᠡᠷ ᠢᠶᠡᠨ ᠠᠭᠤᠢ ᠪᠠ ᠠᠭᠤᠯᠠ ᠬᠠᠳᠠᠨ ᠤ ᠬᠠᠪᠴᠢᠯ ᠳᠤ ᠳᠠᠯᠳᠠᠯᠠᠭᠠᠳ 16 ᠠᠭᠤᠯᠠ ᠪᠠ ᠬᠠᠳᠠᠨ ᠳᠤ᠄ 《ᠪᠢᠳᠡᠨ ᠦ ᠳᠡᠭᠡᠷ᠎ᠡ ᠤᠨᠠᠭᠠᠴᠢ᠂ ᠰᠡᠨᠲᠢ ᠳᠤ ᠵᠠᠯᠠᠷᠠᠭᠴᠢ ᠶᠢᠨ ᠨᠢᠭᠤᠷ ᠪᠠ ᠬᠤᠷᠠᠭᠠᠨ ᠤ ᠬᠢᠯᠢᠩ ᠡᠴᠡ ᠪᠢᠳᠡᠨ ᠢ ᠳᠠᠯᠳᠠᠯᠠᠭᠠᠴᠢ︕ 17 ᠬᠢᠯᠢᠩ ᠤᠨ ᠶᠡᠬᠡ ᠡᠳᠦᠷ ᠢᠷᠡᠵᠡᠢ᠂ ᠬᠡᠨ ᠲᠡᠰᠴᠦ ᠴᠢᠳᠠᠬᠤ ᠪᠢᠯᠡ︖》 ᠭᠡᠵᠡᠭᠡᠪᠡ᠃