ᠢᠯᠡᠷᠬᠡᠶᠢᠯᠡᠯᠭᠡ ᠠᠷᠪᠠᠨ ᠬᠣᠶᠠᠷ
ᠡᠮᠡᠭᠲᠡᠢ ᠬᠥᠮᠦᠨ ᠯᠤᠤ ᠬᠣᠶᠠᠷ
1 ᠲᠩᠷᠢ ᠳᠡᠭᠡᠷ᠎ᠡ ᠶᠡᠬᠡ ᠲᠡᠮᠳᠡᠭ ᠦᠵᠡᠭᠳᠡᠵᠡᠢ᠄ ᠨᠠᠷᠠ ᠪᠠᠷ ᠬᠤᠪᠴᠠᠰᠤᠯᠠᠭᠰᠠᠨ᠂ ᠬᠥᠯ ᠳᠣᠣᠷ᠎ᠠ ᠨᠢ ᠰᠠᠷ᠎ᠠ ᠲᠠᠢ᠂ ᠲᠣᠯᠣᠭᠠᠢ ᠳᠡᠭᠡᠷ᠎ᠡ ᠨᠢ ᠠᠷᠪᠠᠨ ᠬᠣᠶᠠᠷ ᠣᠳᠣᠨ ᠲᠢᠲᠢᠮ ᠲᠠᠢ ᠨᠢᠭᠡᠨ ᠡᠮᠡᠭᠲᠡᠢ ᠪᠠᠢᠪᠠ᠃ 2 ᠲᠡᠷᠡ ᠵᠢᠷᠮᠦᠰᠦᠯᠡᠵᠦ ᠬᠥᠩᠭᠡᠵᠢᠬᠦ ᠭᠡᠵᠦ ᠳᠤᠩᠰᠢᠨ ᠲᠠᠷᠴᠢᠯᠠᠭᠰᠠᠨ ᠳᠠᠭᠠᠨ ᠬᠠᠰᠬᠢᠷᠴᠤ ᠪᠠᠢᠯ᠎ᠠ᠃ 3 ᠲᠡᠭᠡᠲᠡᠯ᠎ᠡ ᠲᠩᠷᠢ ᠳᠡᠭᠡᠷ᠎ᠡ ᠥᠭᠡᠷ᠎ᠡ ᠲᠡᠮᠳᠡᠭ ᠦᠵᠡᠭᠳᠡᠵᠡᠢ᠄ ᠠᠩ᠋ᠬᠠᠷᠤᠭᠲᠤᠨ᠂ ᠳᠣᠯᠣᠭᠠᠨ ᠲᠣᠯᠣᠭᠠᠢ᠂ ᠠᠷᠪᠠᠨ ᠡᠪᠡᠷ ᠲᠡᠢ ᠲᠣᠮᠣ ᠤᠯᠠᠭᠠᠨ ᠯᠤᠤ ᠪᠠᠢᠪᠠ᠃ ᠳᠣᠯᠣᠭᠠᠨ ᠲᠣᠯᠣᠭᠠᠢ ᠳᠡᠭᠡᠷ᠎ᠡ ᠨᠢ ᠳᠣᠯᠣᠭᠠᠨ ᠲᠢᠲᠢᠮ ᠪᠤᠢ᠃ 4 ᠰᠡᠭᠦᠯ ᠨᠢ ᠲᠩᠷᠢ ᠶᠢᠨ ᠣᠳᠣᠳ ᠤᠨ ᠭᠤᠷᠪᠠᠨ ᠤ ᠨᠢᠭᠡ ᠶᠢ ᠱᠦᠭᠦᠷᠳᠡᠨ ᠭᠠᠵᠠᠷ ᠬᠠᠶᠠᠵᠠᠢ᠃ ᠲᠡᠷᠡ ᠯᠤᠤ ᠬᠥᠩᠭᠡᠵᠢᠬᠦ ᠭᠡᠵᠦ ᠪᠠᠢᠭ᠎ᠠ ᠡᠮᠡᠭᠲᠡᠢ ᠶᠢᠨ ᠡᠮᠦᠨ᠎ᠡ ᠵᠣᠭᠰᠣᠭᠠᠳ ᠲᠡᠭᠦᠨ ᠢ ᠬᠥᠩᠭᠡᠵᠢᠮᠡᠭᠴᠡ ᠬᠡᠦᠬᠡᠳ ᠢ ᠨᠢ ᠵᠠᠯᠭᠢᠬᠤ ᠭᠡᠵᠦ ᠪᠠᠢᠯ᠎ᠠ᠃ 5 ᠲᠡᠷᠡ ᠡᠮᠡᠭᠲᠡᠢ ᠬᠦᠦ ᠲᠥᠷᠥᠭᠦᠯᠵᠡᠢ᠃ ᠬᠦᠦ ᠨᠢ ᠬᠠᠮᠤᠭ ᠦᠨᠳᠦᠰᠦᠲᠡᠨ ᠢ ᠲᠡᠮᠦᠷ ᠲᠠᠶᠠᠭ ᠢᠶᠠᠷ ᠬᠠᠷᠢᠭᠤᠯᠬᠤ ᠪᠣᠯᠣᠨ᠎ᠠ᠃ ᠬᠡᠦᠬᠡᠳ ᠨᠢ ᠪᠤᠷᠬᠠᠨ ᠪᠤᠶᠤ ᠲᠡᠭᠦᠨ ᠦ ᠰᠡᠨᠲᠢ ᠤᠷᠤᠭᠤ ᠠᠪᠠᠴᠢᠭᠳᠠᠵᠤ᠂ 6 ᠡᠮᠡᠭᠲᠡᠢ ᠴᠥᠯ ᠤᠷᠤᠭᠤ ᠵᠢᠭᠤᠲᠠᠯ᠎ᠠ᠃ ᠲᠡᠷᠡ ᠡᠮᠡᠭᠲᠡᠢ ᠶᠢ ᠮᠢᠩ᠋ᠭ᠎ᠠ ᠬᠣᠶᠠᠷ ᠵᠠᠭᠤ ᠵᠢᠷᠠᠨ ᠡᠳᠦᠷ ᠦᠨ ᠲᠤᠷᠰᠢ ᠲᠡᠵᠢᠭᠡᠬᠦ ᠶᠢᠨ ᠲᠤᠯᠠᠳᠠ ᠪᠤᠷᠬᠠᠨ ᠤ ᠪᠡᠯᠡᠳᠦᠭᠰᠡᠨ ᠭᠠᠵᠠᠷ ᠲᠡᠨᠳᠡ ᠪᠤᠢ᠃
7 ᠲᠡᠭᠡᠬᠦ ᠳᠦ᠂ ᠲᠩᠷᠢ ᠳᠡᠭᠡᠷ᠎ᠡ ᠳᠠᠢᠨ ᠪᠣᠯᠵᠠᠢ᠄ ᠮᠢᠺᠠᠶᠧᠯ ᠡᠯᠴᠢ ᠲᠠᠢ ᠪᠠᠨ ᠬᠠᠮᠲᠤ ᠯᠤᠤ ᠶᠢᠨ ᠡᠰᠡᠷᠭᠦ ᠪᠠᠢᠯᠳᠤᠪᠠ᠃ ᠯᠤᠤ ᠴᠤ ᠡᠯᠴᠢᠳ ᠲᠠᠢ ᠪᠠᠨ ᠡᠰᠡᠷᠭᠦ ᠡᠴᠡ ᠨᠢ ᠪᠠᠢᠯᠳᠤᠭᠰᠠᠨ ᠪᠣᠯᠪᠠᠴᠤ 8 ᠳᠡᠢᠯᠦᠭᠰᠡᠨ ᠦᠭᠡᠢ ᠪᠥᠭᠡᠳ ᠲᠩᠷᠢ ᠳᠤ ᠣᠷᠣᠰᠢᠬᠤ ᠣᠷᠣᠨ ᠦᠭᠡᠢ ᠪᠣᠯᠵᠠᠢ᠃ 9 ᠥᠨᠥᠬᠢ ᠲᠣᠮᠣ ᠯᠤᠤ ᠪᠤᠶᠤ ᠡᠷᠲᠡᠨ ᠦ ᠮᠣᠭᠠᠢ ᠭᠠᠵᠠᠷ ᠲᠤ ᠬᠠᠶᠠᠭᠳᠠᠪᠠ᠃ ᠲᠡᠭᠦᠨ ᠢ ᠭᠦᠳᠬᠡᠭᠴᠢ᠂ ᠡᠰᠡᠪᠡᠯ ᠰᠠᠲ᠋ᠠᠨ ᠭᠡᠳᠡᠭ᠂ ᠪᠦᠬᠦ ᠳᠡᠯᠡᠬᠡᠢ ᠶᠢ ᠲᠥᠭᠡᠷᠢᠭᠦᠯᠦᠭᠴᠢ ᠲᠡᠷᠡ ᠯᠤᠤ ᠡᠯᠴᠢᠳ ᠲᠠᠢ ᠪᠠᠨ ᠭᠠᠵᠠᠷ ᠲᠤ ᠬᠠᠶᠠᠭᠳᠠᠪᠠ᠃ 10 ᠲᠩᠷᠢ ᠳᠡᠭᠡᠷ᠎ᠡ ᠶᠡᠬᠡ ᠳᠠᠭᠤᠨ ᠢᠶᠠᠷ᠄ 《ᠪᠢᠳᠡᠨ ᠦ ᠪᠤᠷᠬᠠᠨ ᠤ ᠠᠪᠤᠷᠠᠯ᠂ ᠬᠦᠴᠦ ᠪᠠ ᠬᠠᠭᠠᠨᠴᠢᠯᠠᠯ ᠮᠥᠨ ᠲᠡᠭᠦᠨ ᠦ ᠾᠷᠢᠰᠲ᠋ᠣᠰ ᠤᠨ ᠡᠷᠬᠡ ᠣᠳᠣ ᠪᠡᠶᠡᠯᠡᠯᠡ︕ ᠪᠢᠳᠡᠨ ᠦ ᠠᠬ᠎ᠠ ᠳᠡᠭᠦᠦᠰ ᠢ ᠵᠠᠭᠠᠯᠳᠤᠭᠴᠢ ᠪᠤᠶᠤ ᠪᠢᠳᠡᠨ ᠦ ᠪᠤᠷᠬᠠᠨ ᠤ ᠡᠮᠦᠨ᠎ᠡ ᠡᠳᠦᠷ ᠰᠥᠨᠢ ᠦᠭᠡᠢ ᠵᠠᠭᠠᠯᠳᠤᠭᠴᠢ ᠨᠢ ᠬᠠᠶᠠᠭᠳᠠᠵᠠᠢ︕
11 ᠪᠢᠳᠡᠨ ᠦ ᠠᠬ᠎ᠠ ᠳᠡᠭᠦᠦᠰ ᠦᠬᠦᠲᠡᠯ᠎ᠡ ᠪᠡᠨ ᠠᠮᠢ ᠪᠠᠨ ᠬᠠᠢᠷᠠᠯᠠᠯ ᠦᠭᠡᠢ᠂ ᠲᠡᠭᠦᠨ ᠢ ᠬᠤᠷᠠᠭᠠᠨ ᠤ ᠴᠢᠰᠤ ᠪᠠ ᠭᠡᠷᠡᠴᠢᠯᠡᠯᠭᠡ ᠶᠢᠨ ᠢᠶᠠᠨ ᠦᠭᠡ ᠪᠡᠷ ᠢᠯᠠᠭᠰᠠᠨ ᠲᠤᠯᠠ
12 ᠪᠠᠶᠠᠷᠯᠠᠵᠠᠭᠠ᠂ ᠲᠩᠷᠢ ᠪᠠ ᠲᠡᠨᠳᠡ ᠰᠠᠭᠤᠭᠴᠢᠳ ᠡ︕ ᠬᠠᠷᠢᠨ ᠭᠠᠵᠠᠷ ᠪᠠ ᠳᠠᠯᠠᠢ ᠳᠤ ᠰᠠᠭᠤᠭᠴᠢᠳ ᠲᠤ ᠭᠠᠢ ᠪᠣᠯᠬᠤ ᠨᠢ ᠡ︕ ᠰᠠᠲ᠋ᠠᠨ ᠴᠠᠭ ᠨᠢ ᠤᠬᠤᠷ ᠪᠣᠯᠣᠭᠰᠠᠨ ᠢ ᠮᠡᠳᠡᠭᠡᠳ ᠮᠠᠰᠢ ᠠᠭᠤᠷ ᠲᠠᠢ ᠪᠠᠷ ᠲᠠ ᠨᠠᠷ ᠤᠷᠤᠭᠤ ᠪᠠᠭᠤᠭᠰᠠᠨ ᠪᠠᠢᠨ᠎ᠠ》 ᠭᠡᠵᠦ ᠬᠡᠯᠡᠭᠰᠡᠨ ᠢ ᠪᠢ ᠰᠣᠨᠣᠰᠪᠠ᠃
13 ᠯᠤᠤ ᠭᠠᠵᠠᠷ ᠬᠠᠶᠠᠭᠳᠠᠭᠰᠠᠨ ᠢᠶᠠᠨ ᠦᠵᠡᠭᠡᠳ ᠬᠦᠦ ᠲᠥᠷᠥᠭᠦᠯᠦᠭᠰᠡᠨ ᠨᠥᠭᠥᠭᠡ ᠡᠮᠡᠭᠲᠡᠢ ᠶᠢ ᠨᠡᠬᠡᠪᠡ᠃ 14 ᠡᠮᠡᠭᠲᠡᠢ ᠪᠦᠷᠭᠦᠳ ᠦᠨ ᠬᠣᠶᠠᠷ ᠲᠣᠮᠣ ᠳᠠᠯᠠᠪᠴᠢ ᠶᠢ ᠣᠯᠣᠭᠠᠳ ᠴᠥᠯ ᠳᠤ ᠪᠤᠢ ᠥᠪᠡᠷ ᠦᠨ ᠢᠶᠠᠨ ᠭᠠᠵᠠᠷ ᠤᠷᠤᠭᠤ ᠨᠢᠰᠴᠦ ᠶᠠᠪᠤᠯ᠎ᠠ᠃ ᠲᠡᠷᠡ ᠪᠡᠷ ᠮᠣᠭᠠᠢ ᠠᠴᠠ ᠮᠤᠯᠲᠤᠷᠠᠭᠠᠳ ᠲᠡᠨᠳᠡ ᠨᠢᠭᠡ ᠦᠶ᠎ᠡ᠂ ᠬᠣᠶᠠᠷ ᠦᠶ᠎ᠡ᠂ ᠬᠠᠭᠠᠰ ᠦᠶ᠎ᠡ ᠲᠡᠵᠢᠭᠡᠭᠳᠡᠬᠦ ᠪᠣᠯᠣᠨ᠎ᠠ᠃ 15 ᠮᠣᠭᠠᠢ ᠡᠮᠡᠭᠲᠡᠢ ᠶᠢᠨ ᠠᠷᠤ ᠠᠴᠠ ᠭᠣᠣᠯ ᠮᠡᠲᠦ ᠤᠰᠤ ᠶᠢ ᠠᠮᠠᠨ ᠠᠴᠠ ᠪᠠᠨ ᠭᠠᠷᠭᠠᠵᠤ᠂ ᠲᠡᠭᠦᠨ ᠢ ᠵᠢᠪᠪᠦᠭᠦᠯᠬᠦ ᠭᠡᠪᠡ᠃ 16 ᠬᠠᠷᠢᠨ ᠭᠠᠵᠠᠷ ᠡᠮᠡᠭᠲᠡᠢ ᠶᠢ ᠲᠤᠰᠠᠯᠠᠬᠤ ᠪᠠᠷ ᠠᠮᠠ ᠪᠠᠨ ᠨᠡᠭᠡᠭᠡᠵᠦ ᠯᠤᠤ ᠶᠢᠨ ᠠᠮᠠ ᠠᠴᠠ ᠭᠠᠷᠤᠭᠰᠠᠨ ᠭᠣᠣᠯ ᠢ ᠵᠠᠯᠭᠢᠯ᠎ᠠ᠃ 17 ᠯᠤᠤ ᠥᠨᠥᠬᠢ ᠡᠮᠡᠭᠲᠡᠢ ᠳᠦ ᠬᠢᠯᠢᠩᠨᠡᠭᠡᠳ ᠲᠡᠭᠦᠨ ᠦ ᠪᠤᠰᠤᠳ ᠦᠷ᠎ᠡ ᠤᠳᠤᠮ᠂ ᠲᠤᠬᠠᠢᠯᠠᠪᠠᠯ ᠪᠤᠷᠬᠠᠨ ᠤ ᠵᠠᠷᠯᠢᠭ ᠤᠳ ᠢ ᠰᠠᠬᠢᠨ᠂ ᠢᠰᠦ᠋ᠰ ᠤᠨ ᠭᠡᠷᠡᠴᠢᠯᠡᠯ ᠢ ᠪᠠᠷᠢᠮᠲᠠᠯᠠᠭᠴᠢᠳ ᠲᠠᠢ ᠪᠠᠢᠯᠳᠤᠬᠤ ᠪᠠᠷ ᠶᠠᠪᠤᠵᠤ 18 ᠳᠠᠯᠠᠢ ᠶᠢᠨ ᠬᠥᠪᠡᠭᠡᠨ ᠦ ᠡᠯᠡᠰᠦᠨ ᠳᠡᠭᠡᠷ᠎ᠡ ᠵᠣᠭᠰᠣᠯ᠎ᠠ᠃