ᠢᠯᠡᠷᠬᠡᠶᠢᠯᠡᠯᠭᠡ ᠨᠠᠢ᠌ᠮᠠ
ᠳᠣᠯᠣᠳᠤᠭᠠᠷ ᠲᠠᠮᠠᠭ᠎ᠠ
1 ᠳᠣᠯᠣᠳᠠᠬᠢ ᠲᠠᠮᠠᠭ᠎ᠠ ᠵᠠᠳᠠᠯᠤᠭᠳᠠᠬᠤ ᠳᠤ᠂ ᠲᠩᠷᠢ ᠬᠠᠭᠠᠰ ᠴᠠᠭ ᠣᠷᠴᠢᠮ ᠴᠢᠮᠡᠭᠡ ᠦᠭᠡᠢ ᠪᠣᠯᠣᠯ᠎ᠠ᠃ 2 ᠪᠤᠷᠬᠠᠨ ᠤ ᠡᠮᠦᠨ᠎ᠡ ᠵᠣᠭᠰᠣᠭᠰᠠᠨ ᠳᠣᠯᠣᠭᠠᠨ ᠲᠩᠷᠢ ᠡᠯᠴᠢ ᠶᠢ ᠪᠢ ᠬᠠᠷᠠᠯ᠎ᠠ᠃ ᠲᠡᠳᠡᠨ ᠳᠦ ᠳᠣᠯᠣᠭᠠᠨ ᠪᠦᠷᠢᠶ᠎ᠡ ᠥᠭᠭᠥᠭᠳᠡᠪᠡ᠃
3 ᠪᠠᠰᠠ ᠥᠭᠡᠷ᠎ᠡ ᠨᠢᠭᠡᠨ ᠲᠩᠷᠢ ᠡᠯᠴᠢ ᠠᠯᠲᠠᠨ ᠪᠣᠢᠫᠣᠷ ᠠᠪᠴᠢᠷᠠᠵᠤ᠂ ᠲᠠᠬᠢᠯ ᠤᠨ ᠰᠢᠷᠡᠭᠡᠨ ᠳᠡᠭᠡᠷ᠎ᠡ ᠵᠣᠭᠰᠣᠪᠠ᠃ ᠲᠡᠷᠡ ᠣᠯᠠᠨ ᠤᠲᠤᠯᠭ᠎ᠠ ᠶᠢ ᠠᠪᠴᠤ᠂ ᠠᠷᠢᠭᠤᠨ ᠬᠥᠮᠦᠨ ᠪᠣᠯᠭᠠᠨ ᠤ ᠳᠠᠭᠠᠳᠬᠠᠯ ᠤᠳ ᠲᠤ ᠨᠡᠮᠡᠵᠦ ᠰᠡᠨᠲᠢ ᠶᠢᠨ ᠡᠮᠦᠨᠡᠬᠢ ᠠᠯᠲᠠᠨ ᠲᠠᠬᠢᠯ ᠤᠨ ᠰᠢᠷᠡᠭᠡᠨ ᠳᠡᠭᠡᠷ᠎ᠡ ᠡᠷᠭᠦᠪᠡ᠃ 4 ᠲᠡᠭᠡᠬᠦ ᠳᠦ᠂ ᠤᠲᠤᠯᠭ᠎ᠠ ᠶᠢᠨ ᠤᠲᠤᠭ᠎ᠠ ᠠᠷᠢᠭᠤᠨ ᠬᠥᠮᠦᠰ ᠦᠨ ᠳᠠᠭᠠᠳᠬᠠᠯ ᠲᠠᠢ ᠬᠠᠮᠲᠤ ᠲᠩᠷᠢ ᠡᠯᠴᠢ ᠶᠢᠨ ᠭᠠᠷ ᠠᠴᠠ ᠭᠠᠷᠴᠤ᠂ ᠪᠤᠷᠬᠠᠨ ᠤ ᠡᠮᠦᠨ᠎ᠡ ᠰᠤᠭᠤᠨᠠᠭᠯᠠᠪᠠ᠃ 5 ᠲᠩᠷᠢ ᠡᠯᠴᠢ ᠪᠣᠢᠫᠣᠷ ᠢ ᠠᠪᠴᠤ ᠲᠠᠬᠢᠯ ᠤᠨ ᠰᠢᠷᠡᠭᠡᠨ ᠦ ᠭᠠᠯ ᠢᠶᠠᠷ ᠳᠦᠭᠦᠷᠭᠡᠭᠡᠳ᠂ ᠭᠠᠵᠠᠷ ᠤᠷᠤᠭᠤ ᠬᠠᠶᠠᠭᠰᠠᠨ ᠳᠤ᠂ ᠠᠶᠤᠩ᠋ᠭ᠎ᠠ ᠨᠢᠵᠢᠭᠢᠨᠡᠵᠦ᠂ ᠳᠠᠭᠤ ᠭᠠᠷᠴᠤ᠂ ᠴᠠᠬᠢᠯᠭᠠᠨ ᠴᠠᠬᠢᠯᠤᠨ᠂ ᠭᠠᠵᠠᠷ ᠬᠥᠳᠡᠯᠵᠡᠢ᠃
ᠠᠩ᠋ᠬᠠᠨ ᠤ ᠵᠢᠷᠭᠤᠭᠠᠨ ᠪᠦᠷᠢᠶ᠎ᠡ
6 ᠲᠡᠭᠡᠬᠦ ᠳᠦ᠂ ᠳᠣᠯᠣᠭᠠᠨ ᠪᠦᠷᠢᠶ᠎ᠡ ᠲᠠᠢ ᠳᠣᠯᠣᠭᠠᠨ ᠲᠩᠷᠢ ᠡᠯᠴᠢ ᠪᠦᠷᠢᠶ᠎ᠡ ᠪᠡᠨ ᠦᠯᠢᠶᠡᠬᠦ ᠪᠡᠷ ᠪᠡᠯᠡᠳᠬᠡᠪᠡ᠃
7 ᠨᠢᠭᠡᠳᠡᠬᠢ ᠲᠩᠷᠢ ᠡᠯᠴᠢ ᠪᠦᠷᠢᠶ᠎ᠡ ᠪᠡᠨ ᠦᠯᠢᠶᠡᠪᠡ᠂ ᠴᠢᠰᠤ ᠲᠠᠢ ᠬᠣᠯᠢᠯᠳᠤᠭᠰᠠᠨ ᠮᠥᠨᠳᠥᠷ ᠪᠠ ᠭᠠᠯ ᠪᠤᠢ ᠪᠣᠯᠵᠤ ᠭᠠᠵᠠᠷ ᠤᠷᠤᠭᠤ ᠬᠠᠶᠠᠭᠳᠠᠭᠰᠠᠨ ᠳᠤ᠂ ᠭᠠᠵᠠᠷ ᠤᠨ ᠭᠤᠷᠪᠠᠨ ᠤ ᠨᠢᠭᠡ ᠨᠢ ᠰᠢᠲᠠᠵᠠᠢ᠃ ᠮᠣᠳᠣᠨ ᠤ ᠭᠤᠷᠪᠠᠨ ᠤ ᠨᠢᠭᠡ ᠨᠢ ᠴᠤ ᠰᠢᠲᠠᠵᠠᠢ᠃ ᠨᠣᠭᠣᠭᠠᠨ ᠡᠪᠡᠰᠦ ᠴᠤ ᠪᠦᠬᠦᠨ ᠢᠶᠡᠷ ᠢᠶᠠᠨ ᠰᠢᠲᠠᠵᠠᠢ᠃
8 ᠬᠣᠶᠠᠳᠠᠬᠢ ᠲᠩᠷᠢ ᠡᠯᠴᠢ ᠪᠦᠷᠢᠶ᠎ᠡ ᠪᠡᠨ ᠦᠯᠢᠶᠡᠪᠡ᠃ ᠲᠣᠮᠣ ᠠᠭᠤᠯᠠ ᠮᠡᠲᠦ ᠶᠠᠭᠤᠮ᠎ᠠ ᠭᠠᠯ ᠨᠣᠴᠤᠭᠰᠠᠨ ᠴᠢᠭ ᠢᠶᠠᠷ ᠢᠶᠠᠨ ᠳᠠᠯᠠᠢ ᠳᠤ ᠬᠠᠶᠠᠭᠳᠠᠭᠰᠠᠨ ᠳᠤ᠂ ᠳᠠᠯᠠᠢ ᠶᠢᠨ ᠭᠤᠷᠪᠠᠨ ᠤ ᠨᠢᠭᠡ ᠨᠢ ᠴᠢᠰᠤ ᠪᠣᠯᠵᠤ᠂ 9 ᠳᠠᠯᠠᠢ ᠳᠤ ᠪᠠᠢᠭ᠎ᠠ ᠪᠦᠲᠦᠭᠡᠭᠳᠡᠭᠰᠡᠨ ᠠᠮᠢᠲᠠᠳ ᠤᠨ ᠭᠤᠷᠪᠠᠨ ᠤ ᠨᠢᠭᠡ ᠨᠢ ᠦᠬᠦᠪᠡ᠂ ᠣᠩ᠋ᠭᠣᠴᠠ ᠨᠤᠭᠤᠳ ᠤᠨ ᠭᠤᠷᠪᠠᠨ ᠤ ᠨᠢᠭᠡ ᠨᠢ ᠴᠤ ᠰᠦᠢᠷᠡᠵᠡᠢ᠃
10 ᠭᠤᠷᠪᠠᠳᠠᠬᠢ ᠲᠩᠷᠢ ᠡᠯᠴᠢ ᠪᠦᠷᠢᠶ᠎ᠡ ᠪᠡᠨ ᠦᠯᠢᠶᠡᠭᠰᠡᠨ ᠳᠦ᠂ ᠲᠣᠮᠣ ᠣᠳᠣ ᠪᠠᠮᠪᠠᠷ ᠮᠡᠲᠦ ᠨᠣᠴᠣᠭᠰᠠᠭᠠᠷ ᠲᠩᠷᠢ ᠡᠴᠡ ᠪᠠᠭᠤᠵᠤ᠂ ᠭᠣᠣᠯ ᠮᠥᠷᠡᠨ ᠦ ᠭᠤᠷᠪᠠᠨ ᠤ ᠨᠢᠭᠡ ᠳᠡᠭᠡᠷ᠎ᠡ᠂ ᠮᠥᠨ ᠤᠰᠤᠨ ᠤ ᠡᠬᠢ ᠪᠤᠯᠠᠭ ᠤᠳ ᠳᠡᠭᠡᠷ᠎ᠡ ᠤᠨᠠᠯ᠎ᠠ᠃ 11 ᠡᠨᠡ ᠣᠳᠣᠨ ᠤ ᠨᠡᠷ᠎ᠡ ᠶᠢ ᠠᠭᠢ ᠭᠡᠳᠡᠭ᠃ ᠤᠰᠤᠨ ᠤ ᠭᠤᠷᠪᠠᠨ ᠤ ᠨᠢᠭᠡ ᠨᠢ ᠠᠭᠢ ᠪᠣᠯᠵᠤ᠂ ᠭᠠᠰᠢᠭᠤᠷᠠᠭᠰᠠᠨ ᠤᠴᠢᠷ ᠠᠴᠠ ᠣᠯᠠᠨ ᠬᠥᠮᠦᠨ ᠤᠰᠤᠨ ᠠᠴᠠ ᠪᠣᠯᠵᠤ ᠦᠬᠦᠵᠡᠢ᠃
12 ᠳᠥᠷᠪᠡᠳᠡᠬᠢ ᠲᠩᠷᠢ ᠡᠯᠴᠢ ᠪᠦᠷᠢᠶ᠎ᠡ ᠪᠡᠨ ᠦᠯᠢᠶᠡᠪᠡ᠂ ᠨᠠᠷᠠᠨ ᠤ ᠭᠤᠷᠪᠠᠨ ᠤ ᠨᠢᠭᠡ᠂ ᠰᠠᠷᠠᠨ ᠤ ᠭᠤᠷᠪᠠᠨ ᠤ ᠨᠢᠭᠡ᠂ ᠣᠳᠣᠨ ᠤ ᠭᠤᠷᠪᠠᠨ ᠤ ᠨᠢᠭᠡ ᠨᠢ ᠴᠣᠬᠢᠭᠳᠠᠭᠰᠠᠨ ᠢᠶᠠᠷ ᠲᠡᠳᠡᠭᠡᠷ ᠦᠨ ᠭᠤᠷᠪᠠᠨ ᠤ ᠨᠢᠭᠡ ᠨᠢ ᠬᠠᠷᠠᠩ᠋ᠭᠤᠢᠯᠠᠵᠤ᠂ ᠡᠳᠦᠷ ᠦᠨ ᠭᠤᠷᠪᠠᠨ ᠤ ᠨᠢᠭᠡ ᠨᠢ ᠭᠡᠷᠡᠯ ᠦᠭᠡᠢ ᠪᠣᠯᠣᠯ᠎ᠠ᠂ ᠰᠥᠨᠢ ᠴᠤ ᠲᠡᠷᠡ ᠮᠡᠲᠦ ᠪᠣᠯᠣᠯ᠎ᠠ᠃
13 ᠲᠡᠭᠡᠬᠦ ᠳᠦ᠂ ᠪᠢ ᠨᠢᠭᠡ ᠪᠦᠷᠭᠦᠳ ᠦᠨ ᠣᠭᠲᠠᠷᠭᠤᠢ ᠪᠠᠷ ᠨᠢᠰᠴᠦ ᠪᠤᠢ ᠶᠢ ᠬᠠᠷᠠᠭᠰᠠᠨ ᠪᠥᠭᠡᠳ ᠴᠢᠩᠭ᠍᠎ᠠ ᠳᠠᠭᠤ ᠪᠠᠷ᠄ 《ᠭᠠᠢ︕ ᠭᠠᠢ︕ ᠭᠠᠵᠠᠷ ᠳᠡᠭᠡᠷ᠎ᠡ ᠰᠠᠭᠤᠭᠴᠢᠳ ᠲᠤ ᠭᠠᠢ ᠪᠣᠯᠣᠨ᠎ᠠ︕ ᠭᠤᠷᠪᠠᠨ ᠲᠩᠷᠢ ᠡᠯᠴᠢ ᠶᠢᠨ ᠤᠳᠠᠬᠤ ᠦᠭᠡᠢ ᠦᠯᠢᠶᠡᠬᠦ ᠪᠦᠷᠢᠶᠡᠨ ᠦ ᠳᠠᠭᠤ ᠦᠯᠡᠳᠡᠭᠡᠳ ᠪᠠᠢᠨ᠎ᠠ》 ᠭᠡᠬᠦ ᠶᠢ ᠨᠢ ᠰᠣᠨᠣᠰᠣᠯ᠎ᠠ᠃