1 2 3 4 5 6 7 8 9 10 11 12 13 14 15 16 17 18 19 20 21 22


ᠢᠯᠡᠷᠬᠡᠶᠢᠯᠡᠯᠭᠡ ᠳᠥᠷᠪᠡ
 ᠰᠢᠭᠦᠭᠴᠢ ᠪᠤᠷᠬᠠᠨ ᠤ ᠰᠡᠨᠲᠢ

1 ᠡᠳᠡᠭᠡᠷ ᠦᠨ ᠳᠠᠷᠠᠭ᠎ᠠ ᠪᠢ ᠬᠠᠷᠠᠯ᠎ᠠ᠃ ᠲᠩᠷᠢ ᠳᠡᠭᠡᠷ᠎ᠡ ᠨᠡᠭᠡᠭᠡᠯᠲᠡ ᠲᠠᠢ ᠡᠭᠦᠳᠡ ᠪᠠᠢᠨ᠎ᠠ︕ ᠪᠦᠷᠢᠶ᠎ᠡ ᠮᠡᠲᠦ ᠰᠣᠨᠣᠰᠳᠠᠭᠰᠠᠨ ᠠᠩ᠋ᠬᠠᠨ ᠤ ᠳᠠᠭᠤ ᠨᠠᠳᠠ ᠳᠤ᠄ 《ᠨᠠᠰᠢ ᠪᠠᠨ ᠭᠠᠷᠤᠭᠠᠳ ᠢᠷ᠎ᠡ᠃ ᠡᠳᠡᠭᠡᠷ ᠦᠨ ᠳᠠᠷᠠᠭ᠎ᠠ ᠲᠣᠬᠢᠶᠠᠯᠳᠤᠬᠤ ᠶᠣᠰᠣᠲᠠᠢ ᠵᠦᠢᠯᠡᠰ ᠢ ᠪᠢ ᠴᠢᠮ᠎ᠠ ᠳᠤ ᠦᠵᠡᠭᠦᠯᠦᠶ᠎ᠡ》 ᠭᠡᠪᠡ᠃ 2 ᠲᠡᠷᠡ ᠳᠠᠷᠤᠢ ᠪᠢ ᠠᠷᠢᠭᠤᠨ ᠰᠦᠨᠡᠰᠦᠨ ᠦ ᠳᠣᠲᠣᠷ᠎ᠠ ᠪᠠᠢᠪᠠ᠃ ᠠᠩ᠋ᠬᠠᠷᠤᠭᠲᠤᠨ᠂ ᠲᠩᠷᠢ ᠳᠡᠭᠡᠷ᠎ᠡ ᠨᠢᠭᠡᠨ ᠰᠡᠨᠲᠢ ᠪᠠᠢᠭᠰᠠᠨ ᠪᠥᠭᠡᠳ ᠲᠡᠷᠡ ᠰᠡᠨᠲᠢ ᠳᠡᠭᠡᠷ᠎ᠡ ᠬᠡᠨ ᠨᠢᠭᠡᠨ ᠰᠠᠭᠤᠵᠤ ᠪᠠᠢᠪᠠ᠃ 3 ᠵᠠᠯᠠᠷᠠᠭᠴᠢ ᠨᠢ ᠨᠣᠭᠣᠭᠠᠨ ᠬᠠᠰ ᠪᠠ ᠤᠯᠠᠭᠠᠨ ᠡᠷᠳᠡᠨᠢ ᠶᠢᠨ ᠴᠢᠯᠠᠭᠤ ᠰᠢᠭ᠋᠂ ᠲᠡᠭᠦᠨ ᠦ ᠰᠡᠨᠲᠢ ᠶᠢ ᠬᠦᠷᠢᠶᠡᠯᠡᠭᠰᠡᠨ ᠨᠢ ᠨᠣᠮᠢᠨ ᠰᠢᠭ᠋ ᠰᠣᠯᠣᠩ᠋ᠭ᠎ᠠ ᠪᠠᠢᠪᠠ᠃ 4 ᠲᠡᠷᠡ ᠰᠡᠨᠲᠢ ᠶᠢ ᠬᠣᠷᠢᠨ ᠳᠥᠷᠪᠡᠨ ᠰᠡᠨᠲᠢ ᠬᠦᠷᠢᠶᠡᠯᠡᠭᠰᠡᠨ ᠪᠥᠭᠡᠳ ᠰᠡᠨᠲᠢ ᠨᠦᠭᠦᠳ ᠳᠡᠭᠡᠷ᠎ᠡ ᠴᠠᠭᠠᠨ ᠬᠤᠪᠴᠠᠰᠤ ᠲᠠᠢ᠂ ᠲᠣᠯᠣᠭᠠᠢ ᠳᠠᠭᠠᠨ ᠠᠯᠲᠠᠨ ᠲᠢᠲᠢᠮ ᠲᠠᠢ ᠬᠣᠷᠢᠨ ᠳᠥᠷᠪᠡᠨ ᠠᠬᠠᠯᠠᠭᠴᠢ ᠰᠠᠭᠤᠵᠤ ᠪᠠᠢᠯ᠎ᠠ᠃ 5 ᠰᠡᠨᠲᠢ ᠡᠴᠡ ᠴᠠᠬᠢᠯᠭᠠᠨ ᠴᠠᠬᠢᠯᠤᠨ᠂ ᠳᠠᠭᠤ ᠭᠠᠷᠴᠤ ᠠᠶᠤᠩ᠋ᠭ᠎ᠠ ᠨᠢᠵᠢᠭᠢᠨᠡᠨ᠂ ᠰᠡᠨᠲᠢ ᠶᠢᠨ ᠡᠮᠦᠨ᠎ᠡ ᠳᠣᠯᠣᠭᠠᠨ ᠳ᠋ᠧᠩ ᠠᠰᠠᠵᠤ ᠪᠠᠢᠪᠠ᠃ ᠳᠣᠯᠣᠭᠠᠨ ᠳ᠋ᠧᠩ ᠪᠣᠯ ᠪᠤᠷᠬᠠᠨ ᠤ ᠳᠣᠯᠣᠭᠠᠨ ᠰᠦᠨᠡᠰᠦ ᠪᠢᠯᠡ᠃ 6 ᠮᠥᠨ ᠰᠡᠨᠲᠢ ᠶᠢᠨ ᠡᠮᠦᠨ᠎ᠡ ᠪᠣᠯᠣᠷ ᠮᠡᠲᠦ ᠰᠢᠯ ᠤᠨ ᠳᠠᠯᠠᠢ ᠪᠠᠢᠯ᠎ᠠ᠃

7 ᠨᠢᠭᠡᠳᠡᠬᠢ ᠠᠮᠢᠳᠤ ᠪᠡᠶᠡᠲᠡᠨ ᠨᠢ ᠠᠷᠰᠯᠠᠨ ᠮᠡᠲᠦ᠂ ᠬᠣᠶᠠᠳᠠᠬᠢ ᠠᠮᠢᠳᠤ ᠪᠡᠶᠡᠲᠡᠨ ᠨᠢ ᠲᠤᠭᠤᠯ ᠮᠡᠲᠦ᠂ ᠭᠤᠷᠪᠠᠳᠠᠬᠢ ᠠᠮᠢᠳᠤ ᠪᠡᠶᠡᠲᠡᠨ ᠨᠢ ᠬᠥᠮᠦᠨ ᠰᠢᠭ ᠨᠢᠭᠤᠷ ᠲᠠᠢ᠂ ᠳᠥᠷᠪᠡᠳᠡᠬᠢ ᠠᠮᠢᠳᠤ ᠪᠡᠶᠡᠲᠡᠨ ᠨᠢ ᠨᠢᠰᠴᠦ ᠪᠤᠢ ᠪᠦᠷᠭᠦᠳ ᠮᠡᠲᠦ᠃ 8 ᠲᠡᠳᠡ ᠲᠤᠰ ᠪᠦᠷᠢ ᠵᠢᠷᠭᠤᠭᠠᠨ ᠵᠢᠭᠦᠷ ᠲᠡᠢ ᠪᠥᠭᠡᠳ ᠳᠣᠲᠣᠷ᠎ᠠ ᠭᠠᠳᠠᠨ᠎ᠠ ᠨᠢ ᠳᠦᠭᠦᠷᠡᠩ ᠨᠢᠳᠦ ᠲᠠᠢ᠃ ᠲᠡᠳᠡ ᠡᠳᠦᠷᠵᠢᠨ ᠰᠥᠨᠢᠵᠢᠨ ᠲᠠᠰᠤᠷᠠᠯᠲᠠ ᠦᠭᠡᠢ ᠪᠠᠷ 《ᠪᠠᠢᠭᠰᠠᠨ᠂ ᠪᠠᠢᠭ᠎ᠠ᠂ ᠢᠷᠡᠬᠦ ᠠᠤᠭ᠎ᠠ ᠬᠦᠴᠦᠲᠦ ᠡᠵᠡᠨ ᠪᠤᠷᠬᠠᠨ ᠠᠷᠢᠭᠤᠨ᠂ ᠠᠷᠢᠭᠤᠨ᠂ ᠠᠷᠢᠭᠤᠨ》 ᠬᠡᠮᠡᠭᠰᠡᠭᠡᠷ ᠪᠠᠢᠨ᠎ᠠ᠃

9 ᠲᠡᠳᠡᠭᠡᠷ ᠠᠮᠢᠳᠤ ᠪᠡᠶᠡᠲᠡᠨ ᠠᠯᠳᠠᠷ᠂ ᠬᠦᠨᠳᠦᠳᠬᠡᠯ᠂ ᠲᠠᠯᠠᠷᠬᠠᠯ ᠢ ᠰᠡᠨᠲᠢ ᠳᠤ ᠵᠠᠯᠠᠷᠠᠭᠴᠢ᠂ ᠥᠨᠢ ᠮᠥᠩᠬᠡᠳᠡ ᠠᠮᠢᠳᠤᠷᠠᠭᠴᠢ ᠨᠢᠭᠡᠨ ᠳᠦ ᠡᠷᠭᠦᠬᠦ ᠪᠣᠯᠭᠠᠨ ᠳᠤ᠂ 10 ᠬᠣᠷᠢᠨ ᠳᠥᠷᠪᠡᠨ ᠠᠬᠠᠯᠠᠭᠴᠢ ᠰᠡᠨᠲᠢ ᠳᠤ ᠵᠠᠯᠠᠷᠠᠭᠴᠢ ᠶᠢᠨ ᠡᠮᠦᠨ᠎ᠡ ᠡᠯᠢᠭᠡᠳᠡᠨ ᠤᠨᠠᠵᠤ᠂ ᠥᠨᠢ ᠮᠥᠩᠬᠡᠳᠡ ᠠᠮᠢᠳᠤᠷᠠᠭᠴᠢ ᠳᠤ ᠮᠥᠷᠭᠥᠭᠡᠳ ᠰᠡᠨᠲᠢ ᠶᠢᠨ ᠡᠮᠦᠨ᠎ᠡ ᠲᠢᠲᠢᠮ ᠤᠳ ᠢᠶᠠᠨ ᠬᠠᠶᠠᠵᠤ᠄
11 《ᠡᠵᠡᠨ ᠡ᠂ ᠪᠢᠳᠡᠨ ᠦ ᠪᠤᠷᠬᠠᠨ ᠡ ᠠᠯᠳᠠᠷ ᠬᠦᠨᠳᠦᠳᠬᠡᠯ ᠪᠠ ᠡᠷᠬᠡ ᠶᠢ ᠲᠠ ᠠᠪᠬᠤ ᠨᠢ ᠵᠣᠬᠢᠰᠲᠠᠢ ᠤᠴᠢᠷ ᠨᠢ᠂ ᠪᠦᠭᠦᠳᠡ ᠶᠢ ᠲᠠ ᠪᠦᠲᠦᠭᠡᠭᠰᠡᠨ ᠪᠦᠭᠦᠳᠡ ᠲᠠᠨ ᠤ ᠰᠠᠨᠠᠭ᠎ᠠ ᠪᠠᠷ ᠪᠦᠲᠦᠭᠡᠭᠳᠡᠭᠰᠡᠨ ᠪᠠ ᠣᠷᠣᠰᠢᠨ ᠪᠠᠢᠭ᠎ᠠ ᠶᠤᠮ》 ᠭᠡᠵᠡᠭᠡᠨ᠎ᠡ᠃