1 2 3 4 5 6 7 8 9 10 11 12 13 14 15 16 17 18 19 20 21 22


ᠢᠯᠡᠷᠬᠡᠶᠢᠯᠡᠯᠭᠡ ᠠᠷᠪᠠᠨ ᠭᠤᠷᠪᠠ
 ᠬᠣᠶᠠᠷ ᠠᠷᠢᠶᠠᠲᠠᠨ

1 ᠳᠠᠯᠠᠢ ᠠᠴᠠ ᠨᠢᠭᠡ ᠠᠷᠢᠶᠠᠲᠠᠨ ᠭᠠᠷᠴᠤ ᠢᠷᠡᠬᠦ ᠶᠢ ᠪᠢ ᠬᠠᠷᠠᠪᠠ᠃ ᠲᠡᠷᠡ ᠠᠷᠪᠠᠨ ᠡᠪᠡᠷ ᠲᠡᠢ᠂ ᠳᠣᠯᠣᠭᠠᠨ ᠲᠣᠯᠣᠭᠠᠢ ᠲᠠᠢ ᠪᠥᠭᠡᠳ ᠡᠪᠡᠷ ᠤᠳ ᠳᠡᠭᠡᠷ᠎ᠡ ᠪᠡᠨ ᠠᠷᠪᠠᠨ ᠲᠢᠲᠢᠮ ᠲᠠᠢ᠂ ᠲᠣᠯᠣᠭᠠᠢ ᠨᠤᠭᠤᠳ ᠳᠡᠭᠡᠷ᠎ᠡ ᠪᠡᠨ ᠪᠤᠷᠬᠠᠨ ᠢ ᠳᠣᠷᠣᠮᠵᠢᠯᠠᠬᠤ ᠨᠡᠷᠡᠰ ᠲᠡᠢ᠃ 2 ᠮᠢᠨᠦ ᠦᠵᠡᠭᠰᠡᠨ ᠲᠡᠷᠡ ᠠᠷᠢᠶᠠᠲᠠᠨ ᠢᠷᠪᠢᠰ ᠲᠠᠢ ᠠᠳᠠᠯᠢ᠃ ᠬᠥᠯ ᠨᠢ ᠪᠠᠭᠠᠪᠠᠭᠠᠢ ᠶᠢᠨ ᠬᠢ ᠮᠡᠲᠦ᠂ ᠠᠮᠠ ᠨᠢ ᠠᠷᠰᠯᠠᠨ ᠤ ᠬᠢ ᠮᠡᠲᠦ ᠪᠠᠢᠯ᠎ᠠ᠃ ᠯᠤᠤ ᠲᠡᠭᠦᠨ ᠳᠦ ᠥᠪᠡᠷ ᠦᠨ ᠢᠶᠠᠨ ᠴᠢᠳᠠᠯ᠂ ᠰᠡᠨᠲᠢ ᠪᠠ ᠶᠡᠬᠡ ᠮᠡᠳᠡᠯ ᠢ ᠬᠦᠷᠲᠡᠭᠡᠪᠡ᠃ 3 ᠨᠢᠭᠡ ᠲᠣᠯᠣᠭᠠᠢ ᠨᠢ ᠦᠬᠦᠯᠦᠭᠦᠲᠡ ᠰᠢᠷᠬᠠᠲᠤᠭᠰᠠᠨ ᠪᠣᠯᠪᠠᠴᠤ ᠦᠬᠦᠯ ᠦᠨ ᠰᠢᠷᠬ᠎ᠠ ᠨᠢ ᠡᠳᠡᠭᠡᠷᠡᠭᠰᠡᠨ ᠳᠦ᠂ ᠭᠠᠵᠠᠷ ᠤᠨ ᠬᠥᠮᠦᠨ ᠪᠦᠬᠦᠨ ᠭᠠᠢᠬᠠᠨ ᠠᠷᠢᠶᠠᠲᠠᠨ ᠤ ᠬᠣᠢᠨ᠎ᠠ ᠠᠴᠠ ᠳᠠᠭᠠᠵᠤ᠂ 4 ᠲᠡᠷᠡ ᠠᠷᠢᠶᠠᠲᠠᠨ ᠳᠤ ᠮᠡᠳᠡᠯ ᠥᠭᠭᠥᠭᠰᠡᠨ ᠯᠤᠤ ᠳᠤ ᠮᠥᠷᠭᠥᠪᠡ᠃ ᠲᠡᠳᠡ ᠠᠷᠢᠶᠠᠲᠠᠨ ᠳᠤ ᠴᠤ ᠮᠥᠷᠭᠥᠵᠦ᠄ 《ᠡᠨᠡ ᠠᠷᠢᠶᠠᠲᠠᠨ ᠲᠠᠢ ᠬᠡᠨ ᠠᠳᠠᠯᠢᠳᠬᠠᠬᠤ ᠪᠢᠯᠡ︖ ᠲᠡᠭᠦᠨ ᠲᠡᠢ ᠪᠠᠢᠯᠳᠤᠬᠤ ᠴᠢᠳᠠᠯ ᠲᠠᠢ ᠨᠢ ᠬᠡᠨ ᠪᠤᠢ︖》 ᠭᠡᠵᠡᠭᠡᠯ᠎ᠡ᠃

5 ᠲᠣᠮᠣ ᠲᠣᠮᠣ ᠦᠭᠡ ᠬᠡᠯᠡᠵᠦ᠂ ᠪᠤᠷᠬᠠᠨ ᠢ ᠳᠣᠷᠣᠮᠵᠢᠯᠠᠬᠤ ᠠᠮᠠ ᠶᠢ ᠠᠷᠢᠶᠠᠲᠠᠨ ᠣᠯᠵᠠᠢ᠃ ᠳᠥᠴᠢᠨ ᠬᠣᠶᠠᠷ ᠰᠠᠷ᠎ᠠ ᠶᠢᠨ ᠲᠤᠷᠰᠢ ᠠᠵᠢᠯᠯᠠᠭ᠎ᠠ ᠶᠠᠪᠤᠭᠤᠯᠬᠤ ᠡᠷᠬᠡ ᠶᠢ ᠴᠤ ᠲᠡᠷᠡ ᠣᠯᠣᠯ᠎ᠠ᠃ 6 ᠲᠡᠷᠡ ᠪᠤᠷᠬᠠᠨ ᠢ ᠳᠣᠷᠣᠮᠵᠢᠯᠠᠬᠤ ᠪᠠᠷ ᠠᠮᠠ ᠪᠠᠨ ᠨᠡᠭᠡᠭᠡᠪᠡ᠃ ᠲᠡᠷᠡ ᠪᠤᠷᠬᠠᠨ ᠤ ᠨᠡᠷ᠎ᠡ᠂ ᠲᠡᠭᠦᠨ ᠦ ᠣᠷᠣᠰᠢᠬᠤ ᠭᠠᠵᠠᠷ ᠪᠠ ᠲᠩᠷᠢ ᠶᠢᠨ ᠭᠡᠷ ᠲᠦ ᠰᠠᠭᠤᠭᠴᠢᠳ ᠢ ᠳᠣᠷᠣᠮᠵᠢᠯᠠᠪᠠ᠃ 7 ᠲᠡᠷᠡ ᠠᠷᠢᠭᠤᠨ ᠬᠥᠮᠦᠰ ᠲᠡᠢ ᠪᠠᠢᠯᠳᠤᠵᠤ᠂ ᠲᠡᠳᠡᠨ ᠢ ᠢᠯᠠᠬᠤ ᠵᠥᠪᠰᠢᠶᠡᠷᠡᠯ ᠢ ᠣᠯᠵᠤ ᠣᠪᠣᠭ᠂ ᠠᠷᠠᠳ᠂ ᠬᠡᠯᠡ᠂ ᠦᠨᠳᠦᠰᠦᠲᠡᠨ ᠢ ᠵᠠᠬᠢᠷᠬᠤ ᠡᠷᠬᠡ ᠶᠢ ᠴᠤ ᠣᠯᠵᠠᠢ᠃ 8 ᠶᠢᠷᠲᠢᠨᠴᠦ ᠪᠦᠲᠦᠭᠡᠭᠳᠡᠭᠰᠡᠨ ᠡᠴᠡ ᠬᠣᠢᠰᠢ᠂ ᠨᠢᠳᠤᠯᠤᠭᠳᠠᠭᠰᠠᠨ ᠬᠤᠷᠠᠭᠠᠨ ᠤ ᠠᠮᠢ ᠶᠢᠨ ᠨᠣᠮ ᠳᠤ ᠨᠡᠷ᠎ᠡ ᠪᠡᠨ ᠪᠢᠴᠢᠭᠦᠯᠦᠭᠡ ᠦᠭᠡᠢ ᠭᠠᠵᠠᠷ ᠲᠤ ᠰᠠᠭᠤᠭᠴᠢᠳ ᠴᠥᠮ ᠢᠶᠡᠷ ᠢᠶᠠᠨ ᠲᠡᠭᠦᠨ ᠳᠦ ᠮᠥᠷᠭᠥᠬᠦ ᠪᠣᠯᠣᠨ᠎ᠠ᠃
9 ᠴᠢᠬᠢ ᠲᠠᠢ ᠨᠢ ᠰᠣᠨᠣᠰᠣᠭᠲᠤᠨ︕
10 ᠣᠯᠵᠠᠯᠠᠭᠳᠠᠬᠤ ᠨᠢ ᠣᠯᠵᠠᠯᠠᠭᠳᠠᠵᠤ ᠶᠠᠪᠤᠨ᠎ᠠ ᠢᠯᠳᠦ ᠪᠡᠷ ᠠᠯᠠᠭᠳᠠᠬᠤ ᠨᠢ ᠢᠯᠳᠦ ᠪᠡᠷ ᠠᠯᠠᠭᠳᠠᠨ᠎ᠠ ᠡᠭᠦᠨ ᠳᠦ ᠠᠷᠢᠭᠤᠨ ᠬᠥᠮᠦᠰ ᠦᠨ ᠲᠡᠪᠴᠢᠶᠡᠷᠢ ᠪᠠ ᠢᠲᠡᠭᠡᠯ ᠬᠡᠷᠡᠭ ᠲᠡᠢ᠃

11 ᠭᠠᠵᠠᠷ ᠠᠴᠠ ᠥᠭᠡᠷ᠎ᠡ ᠨᠢᠭᠡᠨ ᠠᠷᠢᠶᠠᠲᠠᠨ ᠭᠠᠷᠴᠤ ᠢᠷᠡᠬᠦ ᠶᠢ ᠪᠢ ᠬᠠᠷᠠᠪᠠ᠃ ᠲᠡᠷᠡ ᠬᠤᠷᠠᠭᠠᠨ ᠤ ᠬᠢ ᠰᠢᠭ᠋ ᠬᠣᠶᠠᠷ ᠡᠪᠡᠷ ᠲᠡᠢ ᠪᠥᠭᠡᠳ ᠯᠤᠤ ᠰᠢᠭ᠋ ᠶᠠᠷᠢᠳᠠᠭ᠃ 12 ᠲᠡᠷᠡ ᠪᠡᠷ ᠠᠩ᠋ᠬᠠᠨ ᠤ ᠠᠷᠢᠶᠠᠲᠠᠨ ᠤ ᠡᠮᠦᠨ᠎ᠡ ᠡᠴᠡ ᠠᠯᠢᠪᠠ ᠡᠷᠬᠡ ᠶᠢ ᠬᠡᠷᠡᠭᠵᠢᠭᠦᠯᠵᠦ᠂ ᠭᠠᠵᠠᠷ ᠪᠠ ᠲᠡᠨᠳᠡ ᠰᠠᠭᠤᠭᠴᠢᠳ ᠢ ᠦᠬᠦᠯ ᠦᠨ ᠰᠢᠷᠬ᠎ᠠ ᠨᠢ ᠡᠳᠡᠭᠡᠷᠡᠭᠰᠡᠨ ᠠᠩ᠋ᠬᠠᠨ ᠤ ᠠᠷᠢᠶᠠᠲᠠᠨ ᠳᠤ ᠮᠥᠷᠭᠥᠭᠦᠯᠳᠡᠭ᠃ 13 ᠲᠡᠷᠡ ᠦᠯᠡᠮᠵᠢ ᠶᠡᠬᠡ ᠰᠢᠳᠢ ᠲᠡᠮᠳᠡᠭ ᠢ ᠦᠢᠯᠡᠳᠳᠡᠭ ᠶᠤᠮ᠂ ᠬᠥᠮᠦᠰ ᠦᠨ ᠡᠮᠦᠨ᠎ᠡ ᠭᠠᠯ ᠢ ᠬᠦᠷᠲᠡᠯ᠎ᠡ ᠲᠩᠷᠢ ᠡᠴᠡ ᠭᠠᠵᠠᠷ ᠲᠤ ᠪᠠᠭᠤᠯᠭᠠᠳᠠᠭ᠃ 14 ᠲᠡᠷᠡ ᠪᠡᠷ ᠠᠷᠢᠶᠠᠲᠠᠨ ᠤ ᠲᠥᠯᠥᠭᠡ ᠦᠢᠯᠡᠳᠬᠦ ᠵᠥᠪᠰᠢᠶᠡᠷᠡᠯ ᠲᠡᠢ ᠰᠢᠳᠢ ᠲᠡᠮᠳᠡᠭ ᠢᠶᠡᠷ ᠭᠠᠵᠠᠷ ᠲᠤ ᠰᠠᠭᠤᠭᠴᠢᠳ ᠢ ᠲᠥᠭᠡᠷᠢᠭᠦᠯᠦᠭᠡᠳ᠄ 《ᠢᠯᠳᠦᠨ ᠳᠦ ᠰᠢᠷᠬᠠᠲᠤᠭᠰᠠᠨ ᠪᠣᠯᠪᠠᠴᠤ ᠠᠮᠢᠳᠤ ᠪᠠᠢᠬᠤ ᠠᠷᠢᠶᠠᠲᠠᠨ ᠳᠤ ᠬᠥᠷᠥᠭ ᠬᠢᠵᠦ ᠥᠭᠭᠥᠭᠲᠦᠨ》 ᠭᠡᠵᠦ ᠵᠠᠬᠢᠯ᠎ᠠ᠃ 15 ᠲᠡᠷᠡ ᠪᠡᠷ ᠮᠥᠨ ᠠᠷᠢᠶᠠᠲᠠᠨ ᠤ ᠬᠥᠷᠥᠭ ᠲᠦ ᠠᠮᠢᠰᠬᠤᠯ ᠣᠷᠣᠭᠤᠯᠤᠭᠠᠳ ᠠᠷᠢᠶᠠᠲᠠᠨ ᠤ ᠬᠥᠷᠥᠭ ᠢ ᠶᠠᠷᠢᠭᠤᠯᠵᠤ᠂ ᠠᠷᠢᠶᠠᠲᠠᠨ ᠤ ᠬᠥᠷᠥᠭ ᠲᠦ ᠮᠥᠷᠭᠥᠳᠡᠭ ᠦᠭᠡᠢ ᠬᠥᠮᠦᠨ ᠪᠣᠯᠭᠠᠨ ᠢ ᠠᠯᠠᠭᠤᠯᠬᠤ ᠵᠥᠪᠰᠢᠶᠡᠷᠡᠯ ᠢ ᠣᠯᠪᠠ᠃ 16 ᠮᠥᠨ ᠶᠡᠬᠡ ᠪᠠᠭ᠎ᠠ᠂ ᠪᠠᠶᠠᠨ ᠶᠠᠳᠠᠭᠤ᠂ ᠴᠢᠯᠥᠭᠡᠲᠦ ᠪᠠ ᠵᠠᠷᠤᠴᠠ ᠭᠡᠰᠡᠨ ᠦᠭᠡᠢ᠂ ᠪᠦᠭᠦᠳᠡ ᠶᠢᠨ ᠪᠠᠷᠠᠭᠤᠨ ᠭᠠᠷ ᠪᠤᠶᠤ ᠮᠠᠩᠨᠠᠢ ᠳᠡᠭᠡᠷ᠎ᠡ ᠲᠠᠮᠠᠭ᠎ᠠ ᠳᠠᠷᠤᠭᠤᠯᠳᠠᠭ ᠲᠤᠯᠠ 17 ᠠᠷᠢᠶᠠᠲᠠᠨ ᠤ ᠨᠡᠷ᠎ᠡ ᠪᠤᠶᠤ ᠠᠷᠢᠶᠠᠲᠠᠨ ᠤ ᠲᠣᠭ᠎ᠠ ᠲᠠᠢ ᠲᠠᠮᠠᠭ᠎ᠠ ᠪᠦᠬᠦᠢ ᠬᠥᠮᠦᠰ ᠡᠴᠡ ᠥᠭᠡᠷ᠎ᠡ ᠬᠡᠨ ᠴᠤ ᠬᠤᠳᠠᠯᠳᠤᠨ ᠠᠪᠴᠤ ᠥᠭᠴᠦ ᠴᠢᠳᠠᠬᠤ ᠦᠭᠡᠢ᠃ 18 ᠡᠭᠦᠨ ᠳᠦ ᠮᠡᠷᠭᠡᠨ ᠤᠬᠠᠭᠠᠨ ᠪᠠᠢᠨ᠎ᠠ᠃ ᠤᠬᠠᠭᠠᠨ ᠲᠠᠢ ᠨᠢ ᠠᠷᠢᠶᠠᠲᠠᠨ ᠤ ᠲᠣᠭ᠎ᠠ ᠶᠢ ᠲᠣᠭᠠᠯᠠᠭᠲᠤᠨ᠂ ᠡᠨᠡ ᠪᠣᠯ ᠬᠥᠮᠦᠨ ᠦ ᠲᠣᠭ᠎ᠠ ᠪᠥᠭᠡᠳ ᠲᠣᠭ᠎ᠠ ᠨᠢ ᠵᠢᠷᠭᠤᠭᠠᠨ ᠵᠠᠭᠤ ᠵᠢᠷᠠᠨ ᠵᠢᠷᠭᠤᠭ᠎ᠠ ᠶᠤᠮ᠃