1 2 3 4 5 6 7 8 9 10 11 12 13 14 15 16 17 18 19 20 21 22


ᠢᠯᠡᠷᠬᠡᠶᠢᠯᠡᠯᠭᠡ ᠬᠣᠷᠢ
 ᠮᠢᠩ᠋ᠭᠠᠨ ᠵᠢᠯ ᠤᠨ ᠬᠠᠭᠠᠨᠴᠢᠯᠠᠯ

1 ᠲᠡᠭᠡᠬᠦ ᠳᠦ᠂ ᠨᠢᠭᠡᠨ ᠲᠩᠷᠢ ᠡᠯᠴᠢ ᠶᠢᠨ ᠲᠩᠷᠢ ᠡᠴᠡ ᠪᠠᠭᠤᠬᠤ ᠶᠢ ᠪᠢ ᠬᠠᠷᠠᠪᠠ᠃ ᠭᠠᠷ ᠲᠤᠨᠢ ᠢᠷᠤᠭᠠᠷ ᠦᠭᠡᠢ ᠨᠦᠬᠡᠨ ᠦ ᠲᠦᠯᠬᠢᠭᠦᠷ ᠪᠠ ᠲᠣᠮᠣ ᠭᠢᠨᠵᠢ ᠪᠠᠢᠯ᠎ᠠ᠃ 2 ᠲᠡᠷᠡ ᠪᠡᠷ ᠯᠤᠤ᠂ ᠥᠭᠡᠷ᠎ᠡ ᠪᠡᠷ ᠬᠡᠯᠡᠪᠡᠯ ᠡᠷᠲᠡᠨ ᠦ ᠮᠣᠭᠠᠢ (ᠭᠦᠳᠬᠡᠭᠴᠢ ᠨᠡᠷ᠎ᠡ ᠲᠠᠢ ᠰᠠᠲ᠋ᠠᠨ) ᠶᠢ ᠪᠠᠷᠢᠵᠤ ᠮᠢᠩ᠋ᠭᠠᠨ ᠵᠢᠯ ᠬᠦᠯᠢᠶᠡᠰᠦ ᠲᠠᠢ ᠪᠠᠢᠯᠭᠠᠪᠠ᠃ 3 ᠲᠩᠷᠢ ᠡᠯᠴᠢ ᠲᠡᠭᠦᠨ ᠢ ᠢᠷᠤᠭᠠᠷ ᠦᠭᠡᠢ ᠨᠦᠬᠡᠨ ᠳᠦ ᠬᠠᠶᠠᠵᠤ ᠲᠦᠭᠵᠢᠭᠡᠳ᠂ ᠲᠡᠭᠦᠨ ᠦ ᠳᠡᠭᠡᠷ᠎ᠡ ᠲᠠᠮᠠᠭ᠎ᠠ ᠳᠠᠷᠤᠵᠠᠢ᠃ ᠡᠢᠨ ᠬᠦ ᠮᠢᠩ᠋ᠭᠠᠨ ᠵᠢᠯ ᠳᠠᠭᠤᠰᠲᠠᠯ᠎ᠠ ᠲᠡᠷᠡ ᠪᠡᠷ ᠦᠨᠳᠦᠰᠦᠲᠡᠨ ᠨᠦᠭᠦᠳ ᠢ ᠲᠥᠭᠡᠷᠢᠭᠦᠯᠵᠦ ᠴᠢᠳᠠᠬᠤ ᠦᠭᠡᠢ᠃ ᠡᠳᠡᠭᠡᠷ ᠦᠨ ᠳᠠᠷᠠᠭ᠎ᠠ ᠲᠡᠷᠡ ᠲᠦᠷ ᠵᠠᠭᠤᠷ᠎ᠠ ᠯᠠᠪ ᠰᠤᠯᠠᠯᠠᠭᠳᠠᠬᠤ ᠪᠣᠯᠣᠨ᠎ᠠ᠃

4 ᠲᠡᠭᠡᠬᠦ ᠳᠦ᠂ ᠰᠡᠨᠲᠢ ᠨᠦᠭᠦᠳ ᠪᠠ ᠳᠡᠭᠡᠷ᠎ᠡ ᠨᠢ ᠰᠠᠭᠤᠭᠴᠢᠳ ᠢ ᠪᠢ ᠬᠠᠷᠠᠪᠠ᠃ ᠲᠡᠳᠡ ᠰᠢᠭᠦᠬᠦ ᠡᠷᠬᠡ ᠶᠢ ᠣᠯᠵᠠᠢ᠃ ᠮᠥᠨ ᠢᠰᠦ᠋ᠰ ᠤᠨ ᠲᠤᠬᠠᠢ ᠭᠡᠷᠡᠴᠢᠯᠡᠯ ᠪᠣᠯᠣᠨ ᠪᠤᠷᠬᠠᠨ ᠤ ᠦᠭᠡ ᠡᠴᠡ ᠪᠣᠯᠵᠤ ᠴᠠᠪᠴᠢᠭᠳᠠᠭᠰᠠᠨ ᠬᠥᠮᠦᠰ ᠦᠨ ᠰᠦᠨᠡᠰᠦ ᠨᠦᠭᠦᠳ ᠢ ᠪᠢ ᠬᠠᠷᠠᠪᠠ᠃ ᠲᠡᠳᠡ ᠠᠷᠢᠶᠠᠲᠠᠨ ᠪᠠ ᠠᠷᠢᠶᠠᠲᠠᠨ ᠤ ᠬᠥᠷᠥᠭ ᠲᠦ ᠦᠯᠦ ᠮᠥᠷᠭᠥᠵᠦ᠂ ᠮᠠᠩᠨᠠᠢ ᠪᠤᠶᠤ ᠭᠠᠷ ᠳᠡᠭᠡᠷ᠎ᠡ ᠪᠡᠨ ᠠᠷᠢᠶᠠᠲᠠᠨ ᠤ ᠲᠠᠮᠠᠭ᠎ᠠ ᠶᠢ ᠦᠯᠦ ᠳᠠᠷᠤᠭᠤᠯᠤᠭᠰᠠᠨ ᠠᠵᠢ᠃ ᠲᠡᠳᠡ ᠠᠮᠢᠯᠠᠭᠠᠳ ᠾᠷᠢᠰᠲ᠋ᠣᠰ ᠲᠠᠢ ᠬᠠᠮᠲᠤ ᠮᠢᠩ᠋ᠭᠠᠨ ᠵᠢᠯ ᠬᠠᠭᠠᠨᠴᠢᠯᠠᠭᠰᠠᠨ᠃ 5 (ᠪᠤᠰᠤᠳ ᠦᠬᠦᠭᠰᠡᠳ ᠨᠢ ᠮᠢᠩ᠋ᠭᠠᠨ ᠵᠢᠯ ᠳᠠᠭᠤᠰᠲᠠᠯ᠎ᠠ ᠠᠮᠢᠯᠠᠭᠰᠠᠨ ᠦᠭᠡᠢ᠃) ᠡᠨᠡ ᠪᠣᠯ ᠠᠩ᠋ᠬᠠᠨ ᠤ ᠠᠮᠢᠯᠠᠯ ᠮᠥᠨ᠃ 6 ᠠᠩᠬ᠎ᠠ ᠠᠮᠢᠯᠠᠬᠤ ᠬᠤᠪᠢ ᠲᠠᠢ ᠨᠢ ᠪᠤᠶᠠᠨ ᠲᠠᠢ ᠪᠥᠭᠡᠳ ᠠᠷᠢᠭᠤᠨ᠃ ᠬᠣᠶᠠᠳᠠᠬᠢ ᠦᠬᠦᠯ ᠲᠡᠳᠡᠨ ᠢ ᠵᠠᠬᠢᠷᠬᠤ ᠡᠷᠬᠡ ᠦᠭᠡᠢ᠂ ᠲᠡᠳᠡ ᠪᠤᠷᠬᠠᠨ ᠪᠠ ᠾᠷᠢᠰᠲ᠋ᠣᠰ ᠤᠨ ᠲᠠᠬᠢᠯᠴᠢ ᠪᠣᠯᠣᠭᠠᠳ ᠾᠷᠢᠰᠲ᠋ᠣᠰ ᠲᠠᠢ ᠬᠠᠮᠲᠤ ᠮᠢᠩ᠋ᠭᠠᠨ ᠵᠢᠯ ᠬᠠᠭᠠᠨᠴᠢᠯᠠᠬᠤ ᠪᠣᠯᠣᠨ᠎ᠠ᠃
 ᠰᠡᠭᠦᠯᠴᠢ ᠶᠢᠨ ᠳᠠᠢᠨ

7 ᠮᠢᠩ᠋ᠭᠠᠨ ᠵᠢᠯ ᠳᠠᠭᠤᠰᠬᠤ ᠳᠤ᠂ ᠰᠠᠲ᠋ᠠᠨ ᠭᠢᠨᠳᠠᠨ ᠠᠴᠠ ᠪᠠᠨ ᠰᠤᠯᠠᠯᠠᠭᠳᠠᠨ 8 ᠭᠠᠷᠬᠤ ᠪᠣᠯᠣᠨ᠎ᠠ᠃ ᠡᠢᠨ ᠬᠦ ᠲᠡᠷᠡ ᠭᠠᠵᠠᠷ ᠤᠨ ᠳᠥᠷᠪᠡᠨ ᠥᠨᠴᠥᠭ ᠲᠦ ᠪᠠᠢᠭ᠎ᠠ ᠦᠨᠳᠦᠰᠦᠲᠡᠨ ᠨᠦᠭᠦᠳ ᠪᠤᠶᠤ ᠭᠣᠭ ᠪᠣᠯᠣᠨ ᠮᠠᠭᠣᠭ ᠢ ᠮᠡᠬᠡᠯᠡᠵᠦ ᠲᠡᠳᠡᠨ ᠢ ᠳᠠᠢᠨ ᠳᠤ ᠴᠤᠭᠯᠠᠭᠤᠯᠤᠨ᠎ᠠ᠃ ᠲᠡᠳᠡᠨ ᠦ ᠲᠣᠭ᠎ᠠ ᠳᠠᠯᠠᠢ ᠶᠢᠨ ᠡᠯᠡᠰᠦ ᠮᠡᠲᠦ ᠪᠠᠢᠪᠠ᠃ 9 ᠲᠡᠳᠡ ᠲᠠᠯ᠎ᠠ ᠭᠠᠵᠠᠷ ᠥᠭᠡᠳᠡ ᠳᠠᠪᠰᠢᠵᠤ ᠠᠷᠢᠭᠤᠨ ᠬᠥᠮᠦᠰ ᠦᠨ ᠬᠤᠸᠠᠷᠠᠨ ᠪᠠ ᠪᠤᠷᠬᠠᠨ ᠤ ᠬᠠᠢᠷᠠᠲᠠᠢ ᠬᠣᠲᠠ ᠶᠢ ᠪᠦᠰᠡᠯᠡᠯ᠎ᠡ᠃ ᠬᠠᠷᠢᠨ ᠲᠩᠷᠢ ᠡᠴᠡ ᠭᠠᠯ ᠪᠠᠭᠤᠵᠤ᠂ ᠲᠡᠳᠡᠨ ᠢ ᠰᠥᠨᠥᠭᠡᠪᠡ᠃ 10 ᠲᠡᠳᠡᠨ ᠢ ᠲᠥᠭᠡᠷᠢᠭᠦᠯᠦᠭᠴᠢ ᠰᠠᠲ᠋ᠠᠨ ᠭᠠᠯ ᠪᠠ ᠬᠦᠬᠦᠷ ᠦᠨ ᠨᠠᠭᠤᠷ ᠲᠤ ᠬᠠᠶᠠᠭᠳᠠᠪᠠ᠃ ᠲᠡᠨᠳᠡ ᠠᠷᠢᠶᠠᠲᠠᠨ ᠪᠠ ᠬᠠᠭᠤᠷᠮᠠᠭ ᠡᠰᠢ ᠦᠵᠡᠭᠦᠯᠦᠭᠴᠢ ᠴᠤ ᠪᠤᠢ᠃ ᠲᠡᠳᠡ ᠡᠳᠦᠷ ᠰᠥᠨᠢ ᠦᠭᠡᠢ ᠥᠨᠢ ᠮᠥᠩᠬᠡᠳᠡ ᠲᠠᠷᠴᠢᠯᠠᠬᠤ ᠪᠣᠯᠣᠨ᠎ᠠ᠃
 ᠡᠴᠦᠰ ᠦᠨ ᠰᠢᠳᠬᠡᠯ

11 ᠲᠡᠭᠡᠬᠦ ᠳᠦ ᠠᠤᠭ᠎ᠠ ᠴᠠᠭᠠᠨ ᠰᠡᠨᠲᠢ ᠪᠠ ᠳᠡᠭᠡᠷ᠎ᠡ ᠨᠢ ᠵᠠᠯᠠᠷᠠᠭᠴᠢ ᠶᠢ ᠪᠢ ᠬᠠᠷᠠᠪᠠ᠃ ᠲᠩᠷᠢ ᠭᠠᠵᠠᠷ ᠲᠡᠭᠦᠨ ᠦ ᠨᠢᠭᠤᠷ ᠠᠴᠠ ᠵᠠᠢᠯᠠᠵᠤ ᠣᠯᠳᠠᠬᠤ ᠪᠠᠨ ᠪᠣᠯᠢᠪᠠ᠃ 12 ᠪᠠᠰᠠ ᠰᠡᠨᠲᠢ ᠶᠢᠨ ᠡᠮᠦᠨ᠎ᠡ ᠵᠣᠭᠰᠣᠭᠰᠠᠨ ᠶᠡᠬᠡ ᠪᠠᠭ᠎ᠠ ᠭᠡᠰᠡᠨ ᠦᠭᠡᠢ ᠦᠬᠦᠭᠰᠡᠳ ᠪᠠ ᠳᠡᠯᠭᠡᠭᠡᠰᠦᠲᠡᠢ ᠨᠣᠮ ᠤᠳ ᠢ ᠪᠢ ᠬᠠᠷᠠᠪᠠ᠃ ᠥᠭᠡᠷ᠎ᠡ ᠨᠢᠭᠡ ᠨᠣᠮ ᠳᠡᠯᠭᠡᠭᠡᠰᠦᠲᠡᠢ ᠪᠠᠢᠭᠰᠠᠨ ᠪᠥᠭᠡᠳ ᠲᠡᠷᠡ ᠨᠢ ᠠᠮᠢ ᠶᠢᠨ ᠨᠣᠮ ᠪᠣᠯᠠᠢ᠃ ᠦᠬᠦᠭᠰᠡᠳ ᠨᠢ ᠡᠳᠡᠭᠡᠷ ᠨᠣᠮ ᠳᠤ ᠪᠢᠴᠢᠭᠳᠡᠭᠰᠡᠨ ᠦᠢᠯᠡᠰ ᠦᠨ ᠢᠶᠠᠨ ᠶᠣᠰᠣᠭᠠᠷ ᠰᠢᠭᠦᠭᠳᠡᠵᠡᠢ᠃ 13 ᠳᠠᠯᠠᠢ ᠨᠢ ᠥᠪᠡᠷ ᠦᠨ ᠢᠶᠠᠨ ᠳᠣᠲᠣᠷᠠᠬᠢ ᠦᠬᠦᠭᠰᠡᠳ ᠢ ᠭᠠᠷᠭᠠᠭᠰᠠᠨ ᠪᠥᠭᠡᠳ ᠦᠬᠦᠯ ᠬᠢᠭᠡᠳ ᠦᠬᠦᠭᠰᠡᠳ ᠦᠨ ᠣᠷᠣᠨ ᠴᠤ ᠥᠪᠡᠷᠰᠡᠳ ᠦᠨ ᠢᠶᠠᠨ ᠳᠣᠲᠣᠷᠠᠬᠢ ᠦᠬᠦᠭᠰᠡᠳ ᠢ ᠭᠠᠷᠭᠠᠵᠤ ᠥᠭᠪᠡ᠃ ᠬᠥᠮᠦᠨ ᠪᠦᠷᠢ ᠦᠢᠯᠡᠰ ᠦᠨ ᠢᠶᠠᠨ ᠶᠣᠰᠣᠭᠠᠷ ᠰᠢᠭᠦᠭᠳᠡᠵᠡᠢ᠃ 14 ᠲᠡᠭᠡᠭᠡᠳ ᠦᠬᠦᠯ ᠪᠠ ᠦᠬᠦᠭᠰᠡᠳ ᠦᠨ ᠣᠷᠣᠨ ᠭᠠᠯᠲᠤ ᠨᠠᠭᠤᠷ ᠲᠤ ᠬᠠᠶᠠᠭᠳᠠᠪᠠ᠃ ᠭᠠᠯᠲᠤ ᠨᠠᠭᠤᠷ︕ ᠬᠣᠶᠠᠳᠠᠬᠢ ᠦᠬᠦᠯ ᠭᠡᠳᠡᠭ ᠨᠢ ᠡᠨᠡ ᠶᠤᠮ᠃ 15 ᠬᠡᠨ ᠴᠤ ᠪᠠᠢ᠂ ᠠᠮᠢ ᠶᠢᠨ ᠨᠣᠮ ᠳᠤ ᠨᠡᠷ᠎ᠡ ᠪᠡᠨ ᠪᠢᠴᠢᠭᠦᠯᠦᠭᠡ ᠦᠭᠡᠢ ᠨᠢ ᠭᠠᠯᠲᠤ ᠨᠠᠭᠤᠷ ᠲᠤ ᠬᠠᠶᠠᠭᠳᠠᠵᠠᠢ᠃