1 2 3 4 5 6 7 8 9 10 11 12 13 14 15 16 17 18 19 20 21 22


ᠢᠯᠡᠷᠬᠡᠶᠢᠯᠡᠯᠭᠡ ᠲᠠᠪᠤ
 ᠳᠣᠯᠣᠭᠠᠨ ᠲᠠᠮᠠᠭ᠎ᠠ ᠶᠢᠨ ᠪᠢᠲᠡᠭᠦᠮᠵᠢ ᠲᠠᠢ ᠬᠤᠢᠯᠠᠮᠠᠯ

1 ᠰᠡᠨᠲᠢ ᠳᠤ ᠵᠠᠯᠠᠷᠠᠭᠴᠢ ᠶᠢᠨ ᠪᠠᠷᠠᠭᠤᠨ ᠮᠤᠲᠤᠷ ᠳᠠᠬᠢ ᠬᠤᠢᠯᠠᠮᠠᠯ ᠢ ᠪᠢ ᠬᠠᠷᠠᠪᠠ᠃ ᠬᠤᠢᠯᠠᠮᠠᠯ ᠨᠢ ᠠᠷᠤ ᠥᠪᠥᠷ ᠲᠡᠭᠡᠨ ᠪᠢᠴᠢᠭᠡᠰᠦ ᠲᠠᠢ ᠪᠥᠭᠡᠳ ᠳᠣᠯᠣᠭᠠᠨ ᠲᠠᠮᠠᠭ᠎ᠠ ᠶᠢᠨ ᠪᠢᠲᠡᠭᠦᠮᠵᠢ ᠲᠠᠢ ᠪᠠᠢᠭᠰᠠᠨ᠃ 2 ᠪᠠᠰᠠ ᠲᠩᠷᠢ ᠶᠢᠨ ᠬᠦᠴᠦᠲᠦ ᠡᠯᠴᠢ ᠶᠢᠨ᠄ 《ᠡᠳᠡᠭᠡᠷ ᠪᠢᠲᠡᠭᠦᠮᠵᠢ ᠶᠢ ᠵᠠᠳᠠᠯᠵᠤ᠂ ᠬᠤᠢᠯᠠᠮᠠᠯ ᠢ ᠳᠡᠯᠭᠡᠬᠦ ᠬᠢᠷᠢ ᠭᠡᠮ ᠲᠡᠢ ᠨᠢ ᠬᠡᠨ ᠪᠤᠢ︖》 ᠭᠡᠵᠦ ᠶᠡᠬᠡ ᠳᠠᠭᠤᠨ ᠢᠶᠠᠷ ᠲᠤᠩ᠋ᠬᠠᠭᠯᠠᠬᠤ ᠶᠢ ᠬᠠᠷᠠᠯ᠎ᠠ᠃ 3 ᠭᠡᠪᠡᠴᠦ ᠲᠡᠷᠡ ᠬᠤᠢᠯᠠᠮᠠᠯ ᠢ ᠳᠡᠯᠭᠡᠨ᠂ ᠳᠣᠲᠣᠷᠠᠬᠢ ᠶᠢ ᠨᠢ ᠦᠵᠡᠵᠦ ᠴᠢᠳᠠᠭᠴᠢ ᠨᠢ ᠲᠩᠷᠢ ᠳᠤ ᠴᠤ᠂ ᠭᠠᠵᠠᠷ ᠳᠡᠭᠡᠷ᠎ᠡ ᠴᠤ᠂ ᠭᠠᠵᠠᠷ ᠤᠨ ᠳᠣᠣᠷ᠎ᠠ ᠴᠤ ᠪᠠᠢᠭᠰᠠᠨ ᠦᠭᠡᠢ᠃ 4 ᠬᠤᠢᠯᠠᠮᠠᠯ ᠢ ᠳᠡᠯᠭᠡᠵᠦ᠂ ᠳᠣᠲᠣᠷᠠᠬᠢ ᠶᠢ ᠨᠢ ᠦᠵᠡᠬᠦ ᠬᠢᠷᠢ ᠭᠡᠮ ᠲᠡᠢ ᠨᠢ ᠣᠯᠳᠠᠬᠤ ᠦᠭᠡᠢ ᠪᠣᠯᠬᠣᠷ ᠪᠢ ᠶᠡᠬᠡᠳᠡ ᠤᠬᠢᠯᠠᠵᠤ ᠪᠠᠢᠪᠠ᠃ 5 ᠠᠬᠠᠯᠠᠭᠴᠢ ᠶᠢᠨ ᠳᠤᠮᠳᠠ ᠠᠴᠠ ᠨᠢᠭᠡ ᠨᠢ ᠨᠠᠳᠠ ᠳᠤ᠄ 《ᠤᠬᠢᠯᠠᠬᠤ ᠪᠠᠨ ᠪᠣᠯᠢ᠃ ᠠᠩ᠋ᠬᠠᠷᠤᠭᠲᠤᠨ᠂ ᠶᠦᠳᠠ ᠣᠪᠣᠭ ᠠᠴᠠ ᠭᠠᠷᠤᠯ ᠲᠠᠢ ᠠᠷᠰᠯᠠᠨ᠂ ᠥᠭᠡᠷ᠎ᠡ ᠪᠡᠷ ᠬᠡᠯᠡᠪᠡᠯ᠂ ᠳ᠋ᠠᠸᠢᠳ᠋ ᠤᠨ ᠦᠨᠳᠦᠰᠦ ᠢᠯᠠᠭᠰᠠᠨ ᠶᠤᠮ᠃ ᠲᠡᠷᠡ ᠳᠣᠯᠣᠭᠠᠨ ᠲᠠᠮᠠᠭ᠎ᠠ ᠪᠠ ᠬᠤᠢᠯᠠᠮᠠᠯ ᠢ ᠵᠠᠳᠠᠯᠬᠤ ᠪᠣᠯᠣᠨ᠎ᠠ》 ᠭᠡᠪᠡ᠃

6 ᠲᠡᠭᠡᠭᠡᠳ ᠰᠡᠨᠲᠢ ᠬᠢᠭᠡᠳ ᠳᠥᠷᠪᠡᠨ ᠠᠮᠢᠳᠤ ᠪᠡᠶᠡᠲᠡᠨ ᠦ ᠬᠣᠭᠣᠷᠣᠨᠳᠣ ᠪᠠ ᠠᠬᠠᠯᠠᠭᠴᠢᠳ ᠤᠨ ᠳᠤᠮᠳᠠ ᠵᠣᠭᠰᠣᠵᠤ ᠪᠤᠢ ᠬᠤᠷᠠᠭ᠎ᠠ ᠶᠢ ᠪᠢ ᠬᠠᠷᠠᠪᠠ᠃ ᠲᠡᠷᠡ ᠬᠤᠷᠠᠭ᠎ᠠ ᠨᠢᠳᠤᠯᠤᠭᠳᠠᠭᠰᠠᠨ ᠰᠢᠭ᠋ ᠪᠠᠢᠪᠠ᠃ ᠲᠡᠭᠦᠨ ᠳᠦ ᠳᠣᠯᠣᠭᠠᠨ ᠡᠪᠡᠷ᠂ ᠳᠣᠯᠣᠭᠠᠨ ᠨᠢᠳᠦ ᠲᠠᠢ᠃ ᠳᠣᠯᠣᠭᠠᠨ ᠨᠢᠳᠦ ᠨᠢ ᠭᠠᠵᠠᠷ ᠳᠠᠶᠠᠭᠠᠷ ᠢᠯᠡᠭᠡᠭᠳᠡᠭᠰᠡᠨ ᠪᠤᠷᠬᠠᠨ ᠤ ᠳᠣᠯᠣᠭᠠᠨ ᠰᠦᠨᠡᠰᠦ ᠪᠣᠯᠠᠢ᠃ 7 ᠬᠤᠷᠠᠭ᠎ᠠ ᠢᠷᠡᠭᠡᠳ ᠰᠡᠨᠲᠢ ᠳᠤ ᠵᠠᠯᠠᠷᠠᠭᠴᠢ ᠶᠢᠨ ᠪᠠᠷᠠᠭᠤᠨ ᠭᠠᠷ ᠠᠴᠠ ᠥᠨᠥᠬᠢ ᠬᠤᠢᠯᠠᠮᠠᠯ ᠢ ᠲᠤᠰᠪᠠ᠃ 8 ᠬᠤᠢᠯᠠᠮᠠᠯ ᠢ ᠲᠣᠰᠬᠤ ᠳᠤᠨᠢ᠂ ᠳᠥᠷᠪᠡᠨ ᠠᠮᠢᠳᠤ ᠪᠡᠶᠡᠲᠡᠨ ᠪᠠ ᠬᠣᠷᠢᠨ ᠳᠥᠷᠪᠡᠨ ᠠᠬᠠᠯᠠᠭᠴᠢ ᠬᠤᠷᠠᠭ᠎ᠠ ᠶᠢᠨ ᠡᠮᠦᠨ᠎ᠡ ᠡᠯᠢᠭᠡᠳᠡᠨ ᠤᠨᠠᠪᠠ᠃ ᠲᠡᠳᠡ ᠲᠤᠰ ᠪᠦᠷᠢ ᠶᠠᠲᠤᠭ᠎ᠠ ᠲᠠᠢ᠂ ᠮᠥᠨ ᠤᠲᠤᠯᠭ᠎ᠠ ᠪᠠᠷ ᠳᠦᠭᠦᠷᠡᠩ ᠠᠯᠲᠠᠨ ᠲᠠᠪᠠᠭ ᠲᠠᠢ᠃ ᠤᠲᠤᠯᠭ᠎ᠠ ᠨᠢ ᠠᠷᠢᠭᠤᠨ ᠬᠥᠮᠦᠰ ᠦᠨ ᠳᠠᠭᠠᠳᠬᠠᠯ ᠪᠣᠯᠠᠢ᠃ 9 ᠲᠡᠳᠡ ᠰᠢᠨ᠎ᠡ ᠳᠠᠭᠤᠤ ᠪᠠᠷ᠄ 《ᠬᠤᠢᠯᠠᠮᠠᠯ ᠢ ᠠᠪᠴᠤ ᠪᠢᠲᠡᠭᠦᠮᠵᠢ ᠶᠢ ᠨᠡᠭᠡᠭᠡᠬᠦ ᠨᠢ ᠲᠠᠨ ᠳᠤ ᠵᠣᠬᠢᠰᠲᠠᠢ᠂ ᠲᠠ ᠠᠯᠠᠭᠳᠠᠭᠠᠳ᠂ ᠥᠪᠡᠷ ᠦᠨ ᠢᠶᠠᠨ ᠴᠢᠰᠤ ᠪᠠᠷ ᠣᠪᠣᠭ᠂ ᠬᠡᠯᠡ᠂ ᠠᠷᠠᠳ ᠲᠦᠮᠡᠨ᠂ ᠦᠨᠳᠦᠰᠦᠲᠡᠨ ᠪᠣᠯᠭᠠᠨ ᠠᠴᠠ ᠬᠥᠮᠦᠰ ᠢ ᠪᠤᠷᠬᠠᠨ ᠤ ᠲᠥᠯᠥᠭᠡ ᠵᠣᠯᠢᠶᠠᠰᠤᠯᠠᠨ ᠠᠪᠴᠤ
10 ᠪᠢᠳᠡᠨ ᠦ ᠪᠤᠷᠬᠠᠨ ᠤ ᠬᠠᠭᠠᠨᠴᠢᠯᠠᠯ ᠤᠨ ᠬᠢᠨ ᠪᠠ ᠲᠠᠬᠢᠯᠴᠢᠳ ᠪᠣᠯᠭᠠᠭᠰᠠᠨ ᠲᠤᠯᠠ ᠲᠡᠳᠡ ᠭᠠᠵᠠᠷ ᠳᠡᠭᠡᠷ᠎ᠡ ᠬᠠᠭᠠᠨᠴᠢᠯᠠᠬᠤ ᠪᠣᠯᠣᠨ᠎ᠠ》
ᠭᠡᠵᠦ ᠳᠠᠭᠤᠯᠠᠵᠠᠭᠠᠨ᠎ᠠ᠃ 11 ᠲᠡᠭᠡᠭᠡᠳ ᠰᠡᠨᠲᠢ᠂ ᠠᠮᠢᠳᠤ ᠪᠡᠶᠡᠲᠡᠳ ᠪᠠ ᠠᠬᠠᠯᠠᠭᠴᠢᠳ ᠢ ᠲᠣᠭᠣᠷᠢᠭᠰᠠᠨ ᠣᠯᠠᠨ ᠲᠩᠷᠢ ᠡᠯᠴᠢ ᠶᠢ ᠪᠢ ᠬᠠᠷᠠᠵᠤ ᠳᠠᠭᠤ ᠶᠢ ᠨᠢ ᠰᠣᠨᠣᠰᠪᠠ᠃ ᠲᠣᠭ᠎ᠠ ᠨᠢ ᠲᠦᠮᠡᠨ ᠲᠦᠮᠡ᠂ ᠮᠢᠩ᠋ᠭᠠᠨ ᠮᠢᠩ᠋ᠭ᠎ᠠ ᠪᠣᠯᠠᠢ᠃ 12 ᠲᠡᠳᠡ ᠶᠡᠬᠡ ᠳᠠᠭᠤ ᠪᠠᠷ᠄ 《ᠠᠯᠠᠭᠳᠠᠭᠰᠠᠨ ᠬᠤᠷᠠᠭ᠎ᠠ ᠨᠢ ᠡᠷᠬᠡ᠂ ᠪᠠᠶᠠᠯᠢᠭ᠂ ᠤᠬᠠᠭᠠᠨ ᠬᠦᠴᠦ᠂ ᠬᠦᠨᠳᠦᠳᠬᠡᠯ᠂ ᠠᠯᠳᠠᠷ᠂ ᠮᠠᠭᠲᠠᠭᠠᠯ ᠢ ᠣᠯᠬᠤ ᠨᠢ ᠵᠣᠬᠢᠰᠲᠠᠢ》
ᠭᠡᠵᠡᠭᠡᠵᠦ ᠪᠠᠢᠯ᠎ᠠ᠃ 13 ᠲᠡᠭᠡᠭᠡᠳ ᠲᠩᠷᠢ ᠳᠠᠬᠢ᠂ ᠭᠠᠵᠠᠷ ᠳᠡᠭᠡᠷᠡᠬᠢ ᠪᠠ ᠭᠠᠵᠠᠷ ᠳᠣᠣᠷᠠᠬᠢ᠂ ᠳᠠᠯᠠᠢ ᠳᠠᠬᠢ ᠪᠦᠬᠦ ᠪᠦᠲᠦᠭᠡᠯ ᠪᠤᠶᠤ ᠲᠡᠳᠡᠭᠡᠷ ᠦᠨ ᠳᠣᠲᠣᠷᠠᠬᠢ ᠲᠦᠮᠡᠨ ᠪᠣᠳᠠᠰ ᠤᠨ᠄ 《ᠰᠡᠨᠲᠢ ᠳᠤ ᠵᠠᠯᠠᠷᠠᠭᠴᠢ ᠪᠠ ᠬᠤᠷᠠᠭᠠᠨ ᠳᠤ ᠮᠠᠭᠲᠠᠭᠠᠯ᠂ ᠬᠦᠨᠳᠦᠳᠬᠡᠯ᠂ ᠠᠯᠳᠠᠷ ᠪᠠ ᠴᠢᠳᠠᠯ ᠮᠥᠩᠬᠡ ᠶᠢᠨ ᠮᠥᠩᠬᠡᠳᠡ ᠪᠠᠢᠬᠤ ᠪᠣᠯᠲᠤᠭᠠᠢ》
ᠭᠡᠯᠴᠡᠬᠦ ᠶᠢ ᠪᠢ ᠰᠣᠨᠣᠰᠣᠯ᠎ᠠ᠃ 14 ᠲᠡᠭᠡᠬᠦ ᠳᠦ ᠳᠥᠷᠪᠡᠨ ᠠᠮᠢᠳᠤ ᠪᠡᠶᠡᠲᠡᠨ᠄ 《ᠠᠮᠧᠨ》 ᠭᠡᠵᠦ ᠪᠠᠢᠯ᠎ᠠ᠃ ᠠᠬᠠᠯᠠᠭᠴᠢᠳ ᠡᠯᠢᠭᠡᠳᠡᠨ ᠤᠨᠠᠵᠤ ᠮᠥᠷᠭᠥᠪᠡ᠃