ᠢᠯᠡᠷᠬᠡᠶᠢᠯᠡᠯᠭᠡ ᠳᠣᠯᠣᠭ᠎ᠠ
ᠲᠠᠮᠠᠭᠠᠯᠠᠭᠳᠠᠭᠰᠠᠨ ᠬᠥᠮᠦᠰ
1 ᠡᠭᠦᠨ ᠦ ᠳᠠᠷᠠᠭ᠎ᠠ᠂ ᠪᠢ ᠳᠥᠷᠪᠡᠨ ᠲᠩᠷᠢ ᠡᠯᠴᠢ ᠶᠢ ᠬᠠᠷᠠᠪᠠ᠃ ᠲᠡᠳᠡ ᠭᠠᠵᠠᠷ ᠤᠨ ᠳᠥᠷᠪᠡᠨ ᠥᠨᠴᠥᠭ ᠲᠦ ᠵᠣᠭᠰᠣᠭᠠᠳ ᠭᠠᠵᠠᠷ ᠤᠨ ᠳᠥᠷᠪᠡᠨ ᠰᠠᠯᠬᠢ ᠶᠢ ᠪᠠᠷᠢᠵᠤ ᠭᠠᠵᠠᠷ ᠳᠡᠭᠡᠷ᠎ᠡ ᠪᠤᠶᠤ ᠳᠠᠯᠠᠢ ᠳᠡᠭᠡᠷ᠎ᠡ᠂ ᠠᠯᠢᠪᠠ ᠮᠣᠳᠣᠨ ᠳᠡᠭᠡᠷ᠎ᠡ ᠰᠠᠯᠬᠢᠯᠠᠭᠤᠯᠬᠤ ᠦᠭᠡᠢ ᠭᠡᠵᠦ ᠪᠠᠢᠯ᠎ᠠ᠃ 2 ᠲᠡᠭᠡᠬᠦ ᠳᠦ᠂ ᠥᠭᠡᠷ᠎ᠡ ᠲᠩᠷᠢ ᠡᠯᠴᠢ ᠠᠮᠢᠳᠤ ᠪᠤᠷᠬᠠᠨ ᠤ ᠲᠠᠮᠠᠭ᠎ᠠ ᠶᠢ ᠠᠪᠴᠤ ᠨᠠᠷᠠ ᠮᠠᠨᠳᠤᠬᠤ ᠵᠦᠭ ᠡᠴᠡ ᠭᠠᠷᠴᠤ ᠢᠷᠡᠬᠦ ᠶᠢ ᠪᠢ ᠬᠠᠷᠠᠪᠠ᠃ ᠲᠡᠷᠡ ᠪᠡᠷ ᠭᠠᠵᠠᠷ ᠪᠠ ᠳᠠᠯᠠᠢ ᠶᠢ ᠬᠣᠣᠷᠯᠠᠬᠤ ᠵᠥᠪᠰᠢᠶᠡᠷᠡᠯ ᠢ ᠣᠯᠣᠭᠰᠠᠨ ᠨᠥᠭᠥᠭᠡ ᠳᠥᠷᠪᠡᠨ ᠡᠯᠴᠢ ᠳᠤ ᠶᠡᠬᠡ ᠳᠠᠭᠤᠨ ᠢᠶᠠᠷ᠄ 3 《ᠪᠢᠳᠡ ᠪᠤᠷᠬᠠᠨ ᠤ ᠪᠠᠨ ᠵᠠᠷᠤᠴᠠ ᠨᠠᠷ ᠤᠨ ᠮᠠᠩᠨᠠᠢ ᠳᠡᠭᠡᠷ᠎ᠡ ᠲᠠᠮᠠᠭ᠎ᠠ ᠳᠠᠷᠤᠲᠠᠯᠠ ᠲᠠ ᠨᠠᠷ ᠭᠠᠵᠠᠷ ᠢ ᠴᠤ᠂ ᠳᠠᠯᠠᠢ ᠶᠢ ᠴᠤ᠂ ᠮᠣᠳᠣᠳ ᠢ ᠴᠤ ᠪᠦᠦ ᠰᠦᠢᠳᠬᠡ》 ᠭᠡᠵᠦ ᠬᠠᠰᠬᠢᠷᠤᠯ᠎ᠠ᠃
4 ᠲᠠᠮᠠᠭᠠᠯᠠᠭᠤᠯᠤᠭᠰᠠᠨ ᠬᠥᠮᠦᠰ ᠦᠨ ᠲᠣᠭ᠎ᠠ ᠶᠢ ᠪᠢ ᠰᠣᠨᠣᠰᠪᠠ᠃ ᠢᠰᠷᠧᠯᠴᠦᠳ ᠦᠨ ᠠᠯᠢᠪᠠ ᠣᠪᠣᠭ ᠤᠨ ᠳᠤᠮᠳᠠ ᠠᠴᠠ ᠲᠠᠮᠠᠭᠠᠯᠠᠭᠤᠯᠤᠭᠰᠠᠨ ᠬᠥᠮᠦᠰ ᠨᠢ ᠠᠷᠪᠠᠨ ᠳᠥᠷᠪᠡᠨ ᠲᠦᠮᠡ ᠳᠥᠷᠪᠡᠨ ᠮᠢᠩ᠋ᠭ᠎ᠠ ᠪᠣᠯᠠᠢ᠃
5 ᠶᠦᠳᠠ ᠣᠪᠣᠭ ᠠᠴᠠ ᠲᠠᠮᠠᠭᠠᠯᠠᠭᠤᠯᠤᠭᠰᠠᠨ ᠨᠢ ᠲᠦᠮᠡ ᠬᠣᠶᠠᠷ ᠮᠢᠩ᠋ᠭ᠎ᠠ᠂ ᠷᠧᠣᠪᠧᠨ ᠣᠪᠣᠭ ᠠᠴᠠ ᠲᠦᠮᠡ ᠬᠣᠶᠠᠷ ᠮᠢᠩ᠋ᠭ᠎ᠠ᠂ ᠭᠠᠳ᠋ ᠣᠪᠣᠭ ᠠᠴᠠ ᠲᠦᠮᠡ ᠬᠣᠶᠠᠷ ᠮᠢᠩ᠋ᠭ᠎ᠠ᠂
6 ᠠᠱᠧᠷ ᠣᠪᠣᠭ ᠠᠴᠠ ᠲᠦᠮᠡ ᠬᠣᠶᠠᠷ ᠮᠢᠩ᠋ᠭ᠎ᠠ᠂ ᠨᠠᠹᠲ᠋ᠠᠯᠢ ᠣᠪᠣᠭ ᠠᠴᠠ ᠲᠦᠮᠡ ᠬᠣᠶᠠᠷ ᠮᠢᠩ᠋ᠭ᠎ᠠ᠂ ᠮᠠᠨᠠᠰᠧ ᠣᠪᠣᠭ ᠠᠴᠠ ᠲᠦᠮᠡ ᠬᠣᠶᠠᠷ ᠮᠢᠩ᠋ᠭ᠎ᠠ᠂
7 ᠰᠢᠮᠧᠶᠣᠨ ᠣᠪᠣᠭ ᠠᠴᠠ ᠲᠦᠮᠡ ᠬᠣᠶᠠᠷ ᠮᠢᠩ᠋ᠭ᠎ᠠ᠂ ᠯᠧᠸᠢ ᠣᠪᠣᠭ ᠠᠴᠠ ᠲᠦᠮᠡ ᠬᠣᠶᠠᠷ ᠮᠢᠩ᠋ᠭ᠎ᠠ᠂ ᠢᠰᠠᠺᠠᠷ ᠣᠪᠣᠭ ᠠᠴᠠ ᠲᠦᠮᠡ ᠬᠣᠶᠠᠷ ᠮᠢᠩ᠋ᠭ᠎ᠠ᠂
8 ᠽᠧᠪᠦ᠋ᠯᠣᠨ ᠣᠪᠣᠭ ᠠᠴᠠ ᠲᠦᠮᠡ ᠬᠣᠶᠠᠷ ᠮᠢᠩ᠋ᠭ᠎ᠠ᠂ ᠶᠣᠰᠧᠹ ᠣᠪᠣᠭ ᠠᠴᠠ ᠲᠦᠮᠡ ᠬᠣᠶᠠᠷ ᠮᠢᠩ᠋ᠭ᠎ᠠ᠂ ᠪᠢᠨᠶᠠᠮᠢᠨ ᠣᠪᠣᠭ ᠠᠴᠠ ᠲᠦᠮᠡ ᠬᠣᠶᠠᠷ ᠮᠢᠩ᠋ᠭ᠎ᠠ ᠪᠣᠯᠠᠢ᠃
ᠡᠯ᠎ᠡ ᠦᠨᠳᠦᠰᠦᠲᠡᠨ ᠡᠴᠡ ᠢᠷᠡᠭᠰᠡᠨ ᠦᠢ ᠲᠦᠮᠡᠨ ᠬᠥᠮᠦᠨ
9 ᠠᠩ᠋ᠬᠠᠷᠤᠭᠲᠤᠨ᠂ ᠡᠳᠡᠭᠡᠷ ᠦᠨ ᠳᠠᠷᠠᠭ᠎ᠠ ᠪᠢ ᠦᠵᠡᠬᠦ ᠳᠦ᠂ ᠦᠨᠳᠦᠰᠦᠲᠡᠨ᠂ ᠣᠪᠣᠭ᠂ ᠠᠷᠠᠳ ᠲᠦᠮᠡᠨ᠂ ᠬᠡᠯᠡ ᠪᠦᠷᠢ ᠶᠢᠨ ᠲᠣᠭᠠᠯᠠᠰᠢ ᠦᠭᠡᠢ ᠦᠢ ᠲᠦᠮᠡᠨ ᠬᠥᠮᠦᠨ ᠰᠡᠨᠲᠢ ᠶᠢᠨ ᠡᠮᠦᠨ᠎ᠡ᠂ ᠬᠤᠷᠠᠭᠠᠨ ᠤ ᠡᠮᠦᠨ᠎ᠡ ᠵᠣᠭᠰᠣᠵᠤ ᠪᠠᠢᠯ᠎ᠠ᠃ ᠲᠡᠳᠡ ᠴᠠᠭᠠᠨ ᠬᠤᠪᠴᠠᠰᠤ ᠡᠮᠦᠰᠴᠦ᠂ ᠳ᠋ᠠᠯ ᠮᠣᠳᠣᠨ ᠤ ᠮᠥᠴᠢᠷ ᠤᠳ ᠢ ᠭᠠᠷ ᠲᠠᠭᠠᠨ ᠪᠠᠷᠢᠨ 10 ᠶᠡᠬᠡ ᠳᠠᠭᠤ ᠪᠠᠷ᠄ 《ᠰᠡᠨᠲᠢ ᠳᠤ ᠵᠠᠯᠠᠷᠠᠭᠴᠢ ᠪᠢᠳᠡᠨ ᠦ ᠪᠤᠷᠬᠠᠨ ᠪᠠ ᠬᠤᠷᠠᠭᠠᠨ ᠳᠤ ᠠᠪᠤᠷᠠᠯ ᠪᠤᠢ》 ᠭᠡᠵᠦ ᠬᠠᠰᠬᠢᠷᠴᠤ ᠪᠠᠢᠯ᠎ᠠ᠃ 11 ᠰᠡᠨᠲᠢ᠂ ᠠᠬᠠᠯᠠᠭᠴᠢᠳ ᠪᠠ ᠳᠥᠷᠪᠡᠨ ᠠᠮᠢᠳᠤ ᠪᠡᠶᠡᠲᠡᠨ ᠦ ᠲᠣᠭᠣᠷᠢᠨ ᠳᠤ ᠵᠣᠭᠰᠣᠵᠤ ᠪᠠᠢᠭᠰᠠᠨ ᠲᠩᠷᠢ ᠡᠯᠴᠢᠳ ᠰᠡᠨᠲᠢ ᠶᠢᠨ ᠡᠮᠦᠨ᠎ᠡ ᠨᠢᠭᠤᠷ ᠢᠶᠠᠨ ᠭᠠᠵᠠᠷ ᠲᠤ ᠨᠠᠭᠠᠨ ᠪᠤᠷᠬᠠᠨ ᠳᠤ ᠮᠥᠷᠭᠥᠭᠡᠳ᠄ 12 《ᠠᠮᠧᠨ︕ ᠪᠢᠳᠡᠨ ᠦ ᠪᠤᠷᠬᠠᠨ ᠳᠤ ᠮᠠᠭᠲᠠᠭᠠᠯ᠂ ᠠᠯᠳᠠᠷ᠂ ᠤᠬᠠᠭᠠᠨ᠂ ᠲᠠᠯᠠᠷᠬᠠᠯ᠂ ᠬᠦᠨᠳᠦᠳᠬᠡᠯ᠂ ᠡᠷᠬᠡ ᠪᠠ ᠬᠦᠴᠦ ᠮᠥᠩᠬᠡ ᠶᠢᠨ ᠮᠥᠩᠬᠡᠳᠡ ᠪᠠᠢᠬᠤ ᠪᠣᠯᠲᠤᠭᠠᠢ᠃ ᠠᠮᠧᠨ》 ᠭᠡᠵᠡᠭᠡᠪᠡ᠃
13 ᠲᠡᠭᠡᠬᠦ ᠳᠦ᠂ ᠠᠬᠠᠯᠠᠭᠴᠢᠳ ᠤᠨ ᠨᠢᠭᠡ ᠨᠢ ᠨᠠᠳᠠ ᠠᠴᠠ᠄ 《ᠴᠠᠭᠠᠨ ᠬᠤᠪᠴᠠᠰᠤ ᠡᠮᠦᠰᠦᠭᠰᠡᠨ ᠡᠨᠡ ᠬᠥᠮᠦᠰ ᠬᠡᠨ ᠪᠤᠢ︖ ᠲᠡᠳᠡ ᠬᠠᠮᠢᠭ᠎ᠠ ᠠᠴᠠ ᠢᠷᠡᠪᠡ︖》 ᠭᠡᠵᠦ ᠠᠰᠠᠭᠤᠭᠰᠠᠨ ᠳᠤ᠂ 14 ᠪᠢ᠄ 《ᠨᠣᠶᠠᠨᠲᠠᠨ ᠮᠢᠨᠢ᠂ ᠲᠠ ᠮᠡᠳᠡᠨ᠎ᠡ》 ᠭᠡᠪᠡ᠃ ᠲᠡᠷᠡ ᠨᠠᠳᠠ ᠳᠤ᠄ 《ᠲᠡᠳᠡ ᠪᠣᠯ ᠶᠡᠬᠡ ᠵᠦᠳᠡᠭᠦᠷᠢ ᠡᠴᠡ ᠭᠠᠷᠴᠤ ᠢᠷᠡᠭᠰᠡᠳ ᠶᠤᠮ᠂ ᠬᠤᠷᠠᠭᠠᠨ ᠤ ᠴᠢᠰᠤ ᠪᠠᠷ ᠬᠤᠪᠴᠠᠰᠤ ᠪᠠᠨ ᠤᠬᠢᠶᠠᠵᠤ ᠴᠠᠢᠷᠠᠭᠤᠯᠤᠭᠰᠠᠨ ᠲᠤᠯᠠ 15 ᠲᠡᠳᠡ ᠪᠤᠷᠬᠠᠨ ᠤ ᠰᠡᠨᠲᠢ ᠶᠢᠨ ᠡᠮᠦᠨ᠎ᠡ ᠪᠠᠢᠵᠤ᠂ ᠲᠡᠭᠦᠨ ᠦ ᠥᠷᠭᠥᠭᠡᠨ ᠳᠦ ᠡᠳᠦᠷ ᠰᠥᠨᠢ ᠦᠭᠡᠢ ᠲᠡᠭᠦᠨ ᠳᠦ ᠦᠢᠯᠡᠴᠢᠯᠡᠵᠦ ᠪᠠᠢᠨ᠎ᠠ᠃ ᠰᠡᠨᠲᠢ ᠳᠤ ᠵᠠᠯᠠᠷᠠᠭᠴᠢ ᠲᠡᠳᠡᠨ ᠦ ᠳᠡᠭᠡᠭᠦᠷ ᠴᠠᠴᠠᠷ ᠢᠶᠠᠨ ᠳᠡᠯᠭᠡᠨ᠎ᠡ 19 ᠃ 16 ᠲᠡᠳᠡ ᠳᠠᠬᠢᠵᠤ ᠥᠯᠥᠰᠬᠦ ᠦᠭᠡᠢ᠂ ᠳᠠᠬᠢᠵᠤ ᠴᠠᠩ᠋ᠭᠠᠬᠤ ᠦᠭᠡᠢ᠂ ᠲᠡᠳᠡᠨ ᠦ ᠳᠡᠭᠡᠷ᠎ᠡ ᠡᠴᠡ ᠨᠠᠷᠠ ᠪᠤᠶᠤ ᠶᠠᠮᠠᠷ ᠴᠤ ᠬᠠᠯᠠᠭᠤᠨ ᠰᠢᠷᠠᠬᠤ ᠦᠭᠡᠢ ᠪᠣᠯᠣᠨ᠎ᠠ᠃ 17 ᠤᠴᠢᠷ ᠨᠢ ᠰᠡᠨᠲᠢ ᠶᠢᠨ ᠭᠣᠣᠯ ᠳᠠᠬᠢ ᠬᠤᠷᠠᠭ᠎ᠠ ᠲᠡᠳᠡᠨ ᠢ ᠬᠣᠨᠢᠴᠢᠯᠠᠵᠤ᠂ ᠠᠮᠢ ᠶᠢᠨ ᠤᠰᠤᠨ ᠤ ᠪᠤᠯᠠᠭ ᠤᠷᠤᠭᠤ ᠵᠠᠮᠴᠢᠯᠠᠵᠤ᠂ ᠪᠤᠷᠬᠠᠨ ᠲᠡᠳᠡᠨ ᠦ ᠨᠢᠳᠦᠨ ᠡᠴᠡ ᠬᠠᠮᠤᠭ ᠨᠢᠯᠪᠤᠰᠤ ᠶᠢ ᠠᠷᠴᠢᠬᠤ ᠪᠣᠯᠣᠨ᠎ᠠ》 ᠭᠡᠪᠡ᠃