1 2 3 4 5 6 7 8 9 10 11 12 13 14 15 16 17 18 19 20 21 22


ᠢᠯᠡᠷᠬᠡᠶᠢᠯᠡᠯᠭᠡ ᠠᠷᠪᠠᠨ ᠳᠥᠷᠪᠡ
 ᠵᠣᠯᠢᠶᠠᠰᠤᠯᠠᠵᠤ ᠠᠪᠤᠭᠳᠠᠭᠰᠠᠨ ᠬᠥᠮᠦᠰ ᠦᠨ ᠳᠠᠭᠤᠤ

1 ᠠᠩ᠋ᠬᠠᠷᠤᠭᠲᠤᠨ᠂ ᠽᠢᠶᠣᠨ ᠠᠭᠤᠯᠠᠨ ᠳᠤ ᠬᠤᠷᠠᠭ᠎ᠠ ᠵᠣᠭᠰᠣᠵᠤ ᠪᠤᠢ ᠶᠢ ᠪᠢ ᠬᠠᠷᠠᠯ᠎ᠠ᠃ ᠲᠡᠭᠦᠨ ᠲᠡᠢ ᠬᠠᠮᠲᠤ ᠠᠷᠪᠠᠨ ᠳᠥᠷᠪᠡᠨ ᠲᠦᠮᠡ ᠳᠥᠷᠪᠡᠨ ᠮᠢᠩ᠋ᠭᠠᠨ ᠬᠥᠮᠦᠨ ᠪᠠᠢᠪᠠ᠃ ᠮᠠᠩᠨᠠᠢ ᠳᠡᠭᠡᠷ᠎ᠡ ᠨᠢ ᠬᠤᠷᠠᠭᠠᠨ ᠤ ᠨᠡᠷ᠎ᠡ ᠪᠠ ᠲᠡᠭᠦᠨ ᠦ ᠡᠴᠢᠭᠡ ᠶᠢᠨ ᠨᠡᠷ᠎ᠡ ᠪᠢᠴᠢᠭᠡᠰᠦᠲᠡᠢ᠃ 2 ᠮᠥᠨ ᠶᠡᠬᠡ ᠤᠰᠤᠨ ᠤ ᠳᠠᠭᠤ ᠮᠡᠲᠦ᠂ ᠪᠠᠰᠠ ᠬᠦᠴᠦᠲᠦ ᠠᠶᠤᠩ᠋ᠭ᠎ᠠ ᠶᠢᠨ ᠨᠦᠷᠬᠢᠶᠡᠨ ᠮᠡᠲᠦ ᠳᠠᠭᠤ ᠲᠩᠷᠢ ᠡᠴᠡ ᠭᠠᠷᠬᠤ ᠶᠢ ᠪᠢ ᠰᠣᠨᠣᠰᠣᠯ᠎ᠠ᠃ ᠰᠣᠨᠣᠰᠣᠭᠰᠠᠨ ᠳᠠᠭᠤ ᠨᠢ ᠶᠠᠲᠤᠭᠠᠴᠢᠳ ᠤᠨ ᠶᠠᠲᠤᠭ᠎ᠠ ᠶᠠᠲᠤᠭᠠᠳᠠᠬᠤ ᠳᠠᠭᠤ ᠮᠡᠲᠦ ᠪᠠᠢᠯ᠎ᠠ᠃ 3 ᠲᠡᠳᠡ ᠰᠡᠨᠲᠢ ᠶᠢᠨ ᠡᠮᠦᠨ᠎ᠡ᠂ ᠪᠠᠰᠠ ᠳᠥᠷᠪᠡᠨ ᠠᠮᠢᠳᠤ ᠪᠡᠶᠡᠲᠡᠨ ᠪᠠ ᠠᠬᠠᠯᠠᠭᠴᠢᠳ ᠤᠨ ᠡᠮᠦᠨ᠎ᠡ ᠰᠢᠨ᠎ᠡ ᠳᠠᠭᠤᠤ ᠳᠠᠭᠤᠯᠠᠯ᠎ᠠ᠃ ᠭᠠᠵᠠᠷ ᠳᠡᠭᠡᠷ᠎ᠡ ᠡᠴᠡ ᠵᠣᠯᠢᠶᠠᠰᠤᠯᠠᠵᠤ ᠠᠪᠤᠭᠰᠠᠨ ᠠᠷᠪᠠᠨ ᠳᠥᠷᠪᠡᠨ ᠲᠦᠮᠡ ᠳᠥᠷᠪᠡᠨ ᠮᠢᠩ᠋ᠭᠠᠨ ᠬᠥᠮᠦᠨ ᠡᠴᠡ ᠥᠭᠡᠷ᠎ᠡ ᠬᠡᠨ ᠴᠤ ᠲᠡᠷᠡ ᠳᠠᠭᠤᠤ ᠶᠢ ᠰᠤᠷᠴᠤ ᠴᠢᠳᠠᠭᠰᠠᠨ ᠦᠭᠡᠢ᠃ 4 ᠲᠡᠳᠡ ᠪᠣᠯ ᠥᠪᠡᠷᠰᠡᠳ ᠢ ᠪᠠᠨ ᠡᠮᠡᠭᠲᠡᠢᠴᠦᠳ ᠢᠶᠡᠷ ᠪᠤᠵᠠᠷᠯᠠᠭᠤᠯᠤᠭ᠎ᠠ ᠦᠭᠡᠢ ᠣᠩ᠋ᠭᠣᠨ ᠬᠥᠮᠦᠰ ᠪᠢᠯᠡ᠃ ᠬᠤᠷᠠᠭ᠎ᠠ ᠬᠠᠮᠢᠭᠠᠰᠢ ᠪᠠᠨ ᠶᠠᠪᠤᠭᠰᠠᠨ ᠴᠤ ᠲᠡᠳᠡ ᠲᠡᠭᠦᠨ ᠢ ᠳᠠᠭᠠᠳᠠᠭ᠃ ᠲᠡᠳᠡ ᠪᠣᠯ ᠪᠤᠷᠬᠠᠨ ᠪᠣᠯᠣᠨ ᠬᠤᠷᠠᠭᠠᠨ ᠳᠤ ᠡᠷᠭᠦᠬᠦ ᠶᠢᠨ ᠲᠤᠯᠠ ᠬᠥᠮᠦᠨ ᠲᠥᠷᠥᠯᠬᠢᠲᠡᠨ ᠦ ᠳᠤᠮᠳᠠ ᠠᠴᠠ ᠵᠣᠯᠢᠶᠠᠰᠤᠯᠠᠵᠤ ᠠᠪᠤᠭᠰᠠᠨ ᠠᠩ᠋ᠬᠠᠨ ᠤ ᠳᠡᠭᠡᠵᠢ ᠶᠤᠮ᠃ 5 ᠲᠡᠳᠡᠨ ᠦ ᠠᠮᠠᠨ ᠠᠴᠠ ᠬᠤᠳᠠᠯ ᠣᠯᠳᠠᠭᠰᠠᠨ ᠦᠭᠡᠢ᠂ ᠲᠡᠳᠡ ᠭᠡᠮ ᠦᠭᠡᠢ ᠪᠠᠢᠳᠠᠭ᠃
 ᠭᠤᠷᠪᠠᠨ ᠲᠩᠷᠢ ᠡᠯᠴᠢ ᠶᠢᠨ ᠲᠤᠩ᠋ᠬᠠᠭᠯᠠᠯ

6 ᠣᠭᠲᠠᠷᠭᠤᠢ ᠪᠠᠷ ᠥᠭᠡᠷ᠎ᠡ ᠨᠢᠭᠡᠨ ᠲᠩᠷᠢ ᠡᠯᠴᠢ ᠨᠢᠰᠴᠦ ᠶᠠᠪᠤᠬᠤ ᠶᠢ ᠪᠢ ᠬᠠᠷᠠᠪᠠ᠃ ᠭᠠᠵᠠᠷ ᠲᠤ ᠰᠠᠭᠤᠭᠴᠢᠳ ᠪᠤᠶᠤ ᠠᠯᠢᠪᠠ ᠦᠨᠳᠦᠰᠦᠲᠡᠨ᠂ ᠣᠪᠣᠭ᠂ ᠬᠡᠯᠡ᠂ ᠠᠷᠠᠳ ᠲᠦᠮᠡᠨ ᠳᠦ ᠤᠯᠠᠮᠵᠢᠯᠠᠬᠤ ᠮᠥᠩᠬᠡ ᠶᠢᠨ ᠪᠠᠶᠠᠷ ᠤᠨ ᠮᠡᠳᠡᠭᠡ ᠲᠡᠭᠦᠨ ᠳᠦ ᠪᠤᠢ᠃ 7 ᠲᠡᠷᠡ ᠶᠡᠬᠡ ᠳᠠᠭᠤᠨ ᠢᠶᠠᠷ᠄ 《ᠪᠤᠷᠬᠠᠨ ᠠᠴᠠ ᠡᠮᠢᠶᠡᠵᠦ ᠠᠯᠳᠠᠷ ᠢ ᠲᠡᠭᠦᠨ ᠳᠦ ᠡᠷᠭᠦᠭᠲᠦᠨ᠃ ᠲᠡᠭᠦᠨ ᠦ ᠰᠢᠭᠦᠬᠦ ᠴᠠᠭ ᠢᠷᠡᠯ᠎ᠡ᠃ ᠲᠩᠷᠢ ᠪᠠ ᠭᠠᠵᠠᠷ᠂ ᠳᠠᠯᠠᠢ ᠪᠠ ᠤᠰᠤᠨ ᠤ ᠡᠬᠢ ᠪᠤᠯᠠᠭ ᠤᠳ ᠢ ᠪᠦᠲᠦᠭᠡᠭᠰᠡᠨ ᠲᠡᠭᠦᠨ ᠳᠦ ᠮᠥᠷᠭᠥᠭᠲᠦᠨ》 ᠭᠡᠯ᠎ᠡ᠃

8 ᠬᠣᠶᠠᠳᠠᠬᠢ ᠲᠩᠷᠢ ᠡᠯᠴᠢ ᠵᠠᠯᠭᠠᠭᠠᠳ᠄ 《ᠨᠤᠷᠠᠵᠠᠢ︕ ᠶᠡᠬᠡ ᠪᠠᠪᠢᠯᠣᠨ ᠨᠤᠷᠠᠵᠠᠢ︕ ᠲᠡᠭᠦᠨ ᠦ ᠰᠠᠳᠤᠷ ᠰᠠᠮᠠᠭᠤᠨ ᠪᠣᠯᠣᠨ ᠬᠢᠯᠢᠩ ᠪᠦᠬᠦᠢ ᠦᠵᠦᠮ ᠦᠨ ᠠᠷᠢᠬᠢ ᠶᠢ ᠲᠡᠷᠡ ᠬᠠᠮᠤᠭ ᠤᠯᠤᠰ ᠲᠤ ᠤᠤᠭᠤᠯᠭᠠᠭᠰᠠᠨ ᠪᠢᠯᠡ》 ᠭᠡᠪᠡ᠃

9 ᠭᠤᠷᠪᠠᠳᠠᠬᠢ ᠲᠩᠷᠢ ᠡᠯᠴᠢ ᠲᠡᠳᠡᠨ ᠢ ᠳᠠᠭᠠᠵᠤ ᠶᠡᠬᠡ ᠳᠠᠭᠤᠨ ᠢᠶᠠᠷ᠄ 《ᠬᠡᠨ ᠴᠤ ᠪᠠᠢ᠂ ᠠᠷᠢᠶᠠᠲᠠᠨ ᠪᠠ ᠲᠡᠭᠦᠨ ᠦ ᠬᠥᠷᠥᠭ ᠲᠦ ᠮᠥᠷᠭᠥᠨ ᠮᠠᠩᠨᠠᠢ ᠳᠡᠭᠡᠷ᠎ᠡ ᠪᠡᠨ ᠪᠤᠶᠤ ᠭᠠᠷ ᠳᠡᠭᠡᠷ᠎ᠡ ᠪᠡᠨ ᠲᠠᠮᠠᠭᠠᠯᠠᠭᠤᠯᠪᠠᠯ 10 ᠪᠤᠷᠬᠠᠨ ᠤ ᠬᠢᠯᠢᠩ ᠤᠨ ᠬᠤᠨᠳᠠᠭᠠᠨ ᠳᠤ ᠬᠣᠯᠢᠴᠠ ᠦᠭᠡᠢ ᠪᠠᠷ ᠬᠤᠨᠳᠠᠭᠠᠯᠠᠭᠰᠠᠨ ᠪᠤᠷᠬᠠᠨ ᠤ ᠠᠭᠤᠷ ᠲᠠᠢ ᠠᠷᠢᠬᠢᠨ ᠠᠴᠠ ᠤᠤᠭᠤᠵᠤ᠂ ᠠᠷᠢᠭᠤᠨ ᠲᠩᠷᠢ ᠡᠯᠴᠢᠳ ᠪᠠ ᠬᠤᠷᠠᠭᠠᠨ ᠤ ᠡᠮᠦᠨ᠎ᠡ ᠭᠠᠯ ᠪᠠ ᠬᠦᠬᠦᠷ ᠢᠶᠡᠷ ᠲᠠᠷᠴᠢᠯᠠᠭᠠᠭᠳᠠᠬᠤ ᠪᠣᠯᠣᠨ᠎ᠠ᠃ 11 ᠲᠡᠳᠡᠨ ᠦ ᠲᠠᠷᠴᠢᠯᠠᠯ ᠤᠨ ᠤᠲᠤᠭ᠎ᠠ ᠥᠨᠢ ᠮᠥᠩᠬᠡᠳᠡ ᠪᠤᠷᠭᠢᠯᠤᠨ᠎ᠠ᠃ ᠠᠷᠢᠶᠠᠲᠠᠨ ᠪᠠ ᠲᠡᠭᠦᠨ ᠦ ᠬᠥᠷᠥᠭ ᠲᠦ ᠮᠥᠷᠭᠥᠭᠴᠢᠳ᠂ ᠠᠷᠢᠶᠠᠲᠠᠨ ᠤ ᠨᠡᠷ᠎ᠡ ᠲᠠᠢ ᠲᠠᠮᠠᠭ᠎ᠠ ᠪᠠᠷ ᠲᠠᠮᠠᠭᠠᠯᠠᠭᠳᠠᠬᠤ ᠬᠥᠮᠦᠨ ᠪᠣᠯᠭᠠᠨ ᠡᠳᠦᠷ ᠴᠤ᠂ ᠰᠥᠨᠢ ᠴᠤ ᠠᠮᠠᠷᠠᠯ ᠢ ᠣᠯᠬᠤ ᠦᠭᠡᠢ》 ᠭᠡᠪᠡ᠃

12 ᠡᠭᠦᠨ ᠳᠦ ᠪᠤᠷᠬᠠᠨ ᠤ ᠵᠠᠷᠯᠢᠭ ᠤᠳ ᠢ ᠰᠠᠬᠢᠵᠤ ᠢᠰᠦ᠋ᠰ ᠲᠤ ᠢᠲᠡᠭᠡᠯ ᠲᠡᠢ ᠪᠠᠢᠳᠠᠭ ᠠᠷᠢᠭᠤᠨ ᠬᠥᠮᠦᠰ ᠦᠨ ᠲᠡᠪᠴᠢᠶᠡᠷᠢ ᠬᠡᠷᠡᠭ ᠲᠡᠢ᠃

13 ᠲᠡᠭᠡᠬᠦ ᠳᠦ᠂ ᠲᠩᠷᠢ ᠡᠴᠡ ᠳᠠᠭᠤ ᠭᠠᠷᠴᠤ᠄ 《ᠪᠢᠴᠢᠭᠲᠦᠨ᠂ ᠣᠳᠣ ᠠᠴᠠ ᠡᠬᠢᠯᠡᠨ ᠡᠵᠡᠨ ᠦ ᠳᠣᠲᠣᠷ᠎ᠠ ᠦᠬᠦᠭᠴᠢᠳ ᠪᠤᠶᠠᠨ ᠲᠠᠢ》 ᠭᠡᠬᠦ ᠶᠢ ᠪᠢ ᠰᠣᠨᠣᠰᠪᠠ᠃ ᠠᠷᠢᠭᠤᠨ ᠰᠦᠨᠡᠰᠦ᠄ 《ᠲᠡᠢᠮᠦ ᠡ᠂ ᠦᠢᠯᠡᠰ ᠨᠢ ᠲᠡᠳᠡᠨ ᠢ ᠳᠠᠭᠠᠬᠤ ᠲᠤᠯᠠ ᠲᠡᠳᠡ ᠵᠦᠳᠡᠭᠦᠷᠢ ᠡᠴᠡ ᠪᠡᠨ ᠰᠠᠯᠵᠤ ᠠᠮᠠᠷᠠᠬᠤ ᠪᠣᠯᠣᠨ᠎ᠠ》 ᠭᠡᠪᠡ᠃
 ᠠᠪᠤᠷᠠᠯ ᠤᠨ ᠬᠤᠷᠢᠶᠠᠯᠲᠠ ᠪᠠ ᠰᠢᠳᠬᠡᠯ ᠦᠨ ᠬᠤᠷᠢᠶᠠᠯᠲᠠ

14 ᠠᠩ᠋ᠬᠠᠷᠤᠭᠲᠤᠨ᠂ ᠴᠠᠭᠠᠨ ᠡᠭᠦᠯᠡ ᠪᠠᠢᠭᠰᠠᠨ ᠪᠥᠭᠡᠳ ᠡᠭᠦᠯᠡᠨ ᠳᠡᠭᠡᠷ᠎ᠡ ᠬᠥᠮᠦᠨ ᠦ ᠬᠦᠦ ᠮᠡᠲᠦ ᠨᠢᠭᠡᠨ ᠰᠠᠭᠤᠵᠤ ᠪᠤᠢ ᠶᠢ ᠪᠢ ᠬᠠᠷᠠᠯ᠎ᠠ᠃ ᠲᠡᠷᠢᠭᠦᠨ ᠳᠡᠭᠡᠷ᠎ᠡ ᠨᠢ ᠠᠯᠲᠠᠨ ᠲᠢᠲᠢᠮ ᠲᠠᠢ᠂ ᠮᠤᠲᠤᠷ ᠲᠤᠨᠢ ᠬᠤᠷᠴᠠ ᠬᠠᠳᠤᠭᠤᠷ ᠲᠠᠢ᠃ 15 ᠥᠭᠡᠷ᠎ᠡ ᠨᠢᠭᠡᠨ ᠲᠩᠷᠢ ᠡᠯᠴᠢ ᠥᠷᠭᠥᠭᠡᠨ ᠡᠴᠡ ᠭᠠᠷᠴᠤ᠂ ᠡᠭᠦᠯᠡᠨ ᠳᠡᠭᠡᠷ᠎ᠡ ᠰᠠᠭᠤᠭᠴᠢ ᠳᠤ ᠶᠡᠬᠡ ᠳᠠᠭᠤᠨ ᠢᠶᠠᠷ᠄ 《ᠬᠠᠳᠤᠭᠤᠷ ᠢᠶᠠᠷ ᠢᠶᠠᠨ ᠬᠠᠮᠤᠵᠤ ᠬᠤᠷᠢᠶᠠ︕ ᠭᠠᠵᠠᠷ ᠳᠡᠭᠡᠷᠡᠬᠢ ᠲᠠᠷᠢᠶ᠎ᠠ ᠪᠣᠯᠪᠠᠰᠤᠷᠠᠵᠤ᠂ ᠬᠤᠷᠢᠶᠠᠯᠲᠠ ᠶᠢᠨ ᠴᠠᠭ ᠪᠣᠯᠣᠯ᠎ᠠ》 ᠭᠡᠵᠦ ᠬᠠᠰᠬᠢᠷᠪᠠ᠃ 16 ᠲᠡᠢᠮᠦ ᠡᠴᠡ ᠡᠭᠦᠯᠡᠨ ᠳᠡᠭᠡᠷ᠎ᠡ ᠰᠠᠭᠤᠭᠴᠢ ᠨᠢ ᠭᠠᠵᠠᠷ ᠳᠡᠭᠡᠭᠦᠷ ᠬᠠᠳᠤᠭᠤᠷ ᠢᠶᠠᠷ ᠢᠶᠠᠨ ᠬᠠᠮᠤᠭᠰᠠᠨ ᠳᠤ᠂ ᠭᠠᠵᠠᠷ ᠳᠡᠭᠡᠷᠡᠬᠢ ᠲᠠᠷᠢᠶ᠎ᠠ ᠬᠤᠷᠢᠶᠠᠭᠳᠠᠵᠠᠢ᠃

17 ᠪᠠᠰᠠ ᠥᠭᠡᠷ᠎ᠡ ᠨᠢᠭᠡᠨ ᠲᠩᠷᠢ ᠡᠯᠴᠢ ᠲᠩᠷᠢ ᠳᠡᠭᠡᠷᠡᠬᠢ ᠥᠷᠭᠥᠭᠡᠨ ᠡᠴᠡ ᠭᠠᠷᠴᠤ ᠢᠷᠡᠪᠡ᠃ ᠲᠡᠭᠦᠨ ᠳᠦ ᠴᠤ ᠬᠤᠷᠴᠠ ᠬᠠᠳᠤᠭᠤᠷ ᠪᠠᠢᠪᠠ᠃ 18 ᠪᠠᠰᠠ ᠨᠢᠭᠡ ᠲᠩᠷᠢ ᠡᠯᠴᠢ ᠲᠠᠬᠢᠯ ᠤᠨ ᠰᠢᠷᠡᠭᠡᠨ ᠡᠴᠡ ᠭᠠᠷᠤᠯ᠎ᠠ᠃ ᠲᠡᠭᠦᠨ ᠳᠦ ᠭᠠᠯ ᠢ ᠵᠠᠬᠢᠷᠬᠤ ᠡᠷᠬᠡ ᠪᠤᠢ᠃ ᠲᠡᠷᠡ ᠬᠤᠷᠴᠠ ᠬᠠᠳᠤᠭᠤᠷ ᠲᠠᠢ ᠲᠩᠷᠢ ᠡᠯᠴᠢ ᠶᠢ ᠶᠡᠬᠡ ᠳᠠᠭᠤᠨ ᠢᠶᠠᠷ ᠳᠠᠭᠤᠳᠠᠨ᠄ 《ᠦᠵᠦᠮ ᠪᠣᠯᠪᠠᠰᠤᠷᠠᠯ᠎ᠠ᠂ ᠬᠤᠷᠴᠠ ᠬᠠᠳᠤᠭᠤᠷ ᠢᠶᠠᠨ ᠠᠪᠴᠤ᠂ ᠭᠠᠵᠠᠷ ᠳᠡᠭᠡᠷᠡᠬᠢ ᠦᠵᠦᠮ ᠦᠨ ᠮᠣᠳᠣᠨ ᠠᠴᠠ ᠪᠠᠭᠴᠠ ᠪᠠᠭᠴᠠ ᠦᠵᠦᠮ ᠢ ᠬᠤᠷᠢᠶᠠ》 ᠭᠡᠪᠡ᠃ 19 ᠡᠢᠮᠦ ᠡᠴᠡ ᠲᠩᠷᠢ ᠡᠯᠴᠢ ᠬᠠᠳᠤᠭᠤᠷ ᠢᠶᠠᠷ ᠢᠶᠠᠨ ᠭᠠᠵᠠᠷ ᠤᠷᠤᠭᠤ ᠬᠠᠮᠤᠭᠠᠳ ᠭᠠᠵᠠᠷ ᠳᠡᠭᠡᠷᠡᠬᠢ ᠦᠵᠦᠮ ᠢ ᠬᠤᠷᠢᠶᠠᠵᠤ ᠪᠤᠷᠬᠠᠨ ᠤ ᠬᠢᠯᠢᠩ ᠤᠨ ᠲᠣᠮᠣ ᠰᠢᠬᠠᠭᠤᠷ ᠤᠷᠤᠭᠤ ᠬᠠᠶᠠᠪᠠ᠃ 20 ᠬᠣᠲᠠ ᠶᠢᠨ ᠭᠠᠳᠠᠨ᠎ᠠ ᠰᠢᠬᠠᠭᠤᠷ ᠭᠢᠰᠬᠢᠭᠳᠡᠬᠦ ᠳᠦ᠂ ᠰᠢᠬᠠᠭᠤᠷ ᠠᠴᠠ ᠴᠢᠰᠤ ᠭᠠᠷᠴᠤ ᠮᠣᠷᠢᠨ ᠤ ᠬᠠᠵᠠᠭᠠᠷ ᠲᠤ ᠬᠦᠷᠦᠮ᠎ᠡ ᠥᠨᠳᠥᠷ ᠢᠶᠡᠷ ᠮᠢᠩ᠋ᠭ᠎ᠠ ᠵᠢᠷᠭᠤᠭᠠᠨ ᠵᠠᠭᠤᠨ ᠰᠧᠲ᠋ᠠᠳᠢᠶᠣᠨ 22 ᠤᠷᠤᠰᠤᠯ᠎ᠠ᠃