1 2 3 4 5 6 7 8 9 10 11 12 13 14 15 16 17 18 19 20 21 22


ᠢᠯᠡᠷᠬᠡᠶᠢᠯᠡᠯᠭᠡ ᠠᠷᠪᠠᠨ ᠳᠣᠯᠣᠭ᠎ᠠ
 ᠶᠡᠬᠡ ᠶᠠᠩ᠋ᠬᠠᠨ ᠤ ᠬᠦᠯᠢᠶᠡᠬᠦ ᠰᠢᠳᠬᠡᠯ

1 ᠳᠣᠯᠣᠭᠠᠨ ᠲᠠᠪᠠᠭ ᠲᠠᠢ ᠳᠣᠯᠣᠭᠠᠨ ᠲᠩᠷᠢ ᠡᠯᠴᠢ ᠶᠢᠨ ᠨᠢᠭᠡ ᠨᠢ ᠢᠷᠡᠭᠡᠳ ᠨᠠᠳᠠ ᠳᠤ᠄ 《ᠨᠠᠰᠢ ᠢᠷ᠎ᠡ᠂ ᠣᠯᠠᠨ ᠤᠰᠤᠨ ᠤ ᠳᠡᠭᠡᠷ᠎ᠡ ᠰᠠᠭᠤᠭᠴᠢ ᠶᠡᠬᠡ ᠶᠠᠩ᠋ᠬᠠᠨ ᠤ ᠬᠦᠯᠢᠶᠡᠬᠦ ᠰᠢᠳᠬᠡᠯ ᠢ ᠪᠢ ᠴᠢᠮ᠎ᠠ ᠳᠤ ᠬᠠᠷᠠᠭᠤᠯᠤᠶ᠎ᠠ᠃ 2 ᠭᠠᠵᠠᠷ ᠤᠨ ᠬᠠᠭᠠᠳ ᠲᠡᠷᠡ ᠡᠮᠡᠭᠲᠡᠢ ᠲᠡᠢ ᠰᠠᠳᠤᠷᠯᠠᠭᠰᠠᠨ ᠪᠥᠭᠡᠳ ᠭᠠᠵᠠᠷ ᠲᠤ ᠰᠠᠭᠤᠭᠴᠢᠳ ᠲᠡᠭᠦᠨ ᠦ ᠰᠠᠳᠤᠷ ᠰᠠᠮᠠᠭᠤᠨ ᠤ ᠠᠷᠢᠬᠢᠨ ᠳᠤ ᠰᠣᠭᠲᠣᠭᠰᠠᠨ ᠶᠤᠮ》 ᠭᠡᠪᠡ᠃ 3 ᠲᠩᠷᠢ ᠡᠯᠴᠢ ᠠᠷᠢᠭᠤᠨ ᠰᠦᠨᠡᠰᠦ ᠪᠡᠷ ᠨᠠᠮᠠᠶᠢ ᠴᠥᠯ ᠳᠤ ᠬᠦᠷᠭᠡᠪᠡ᠃ ᠨᠢᠭᠡᠨ ᠡᠮᠡᠭᠲᠡᠢ ᠴᠢᠰ ᠤᠯᠠᠭᠠᠨ ᠠᠷᠢᠶᠠᠲᠠᠨ ᠤ ᠳᠡᠭᠡᠷ᠎ᠡ ᠰᠠᠭᠤᠵᠤ ᠪᠤᠢ ᠶᠢ ᠪᠢ ᠬᠠᠷᠠᠯ᠎ᠠ᠃ ᠠᠷᠢᠶᠠᠲᠠᠨ ᠤ ᠪᠡᠶ᠎ᠡ ᠨᠢ ᠪᠤᠷᠬᠠᠨ ᠢ ᠳᠣᠷᠣᠮᠵᠢᠯᠠᠭᠰᠠᠨ ᠨᠡᠷᠡᠰ ᠢᠶᠡᠷ ᠳᠦᠭᠦᠷᠡᠩ ᠪᠥᠭᠡᠳ ᠳᠣᠯᠣᠭᠠᠨ ᠲᠣᠯᠣᠭᠠᠢ᠂ ᠠᠷᠪᠠᠨ ᠡᠪᠡᠷ ᠲᠡᠢ ᠪᠠᠢᠵᠠᠢ᠃ 4 ᠲᠡᠷᠡ ᠡᠮᠡᠭᠲᠡᠢ ᠨᠢᠯ ᠶᠠᠭᠠᠨ ᠪᠠ ᠴᠢᠰ ᠤᠯᠠᠭᠠᠨ ᠢᠶᠠᠷ ᠬᠤᠪᠴᠠᠰᠤᠯᠠᠨ᠂ ᠠᠯᠲᠠ ᠵᠡᠷᠭᠡ ᠡᠷᠳᠡᠨᠢ ᠶᠢᠨ ᠴᠢᠯᠠᠭᠤ ᠪᠠ ᠰᠤᠪᠤᠳ ᠢᠶᠠᠷ ᠪᠡᠶ᠎ᠡ ᠪᠡᠨ ᠴᠢᠮᠡᠭᠰᠡᠨ ᠪᠥᠭᠡᠳ ᠭᠠᠷ ᠲᠤᠨᠢ ᠵᠢᠭᠰᠢᠭᠦᠷᠢᠲᠦ ᠶᠠᠭᠤᠮ᠎ᠠ ᠬᠢᠭᠡᠳ ᠰᠠᠳᠤᠷ ᠰᠠᠮᠠᠭᠤᠨ ᠤ ᠪᠠᠨ ᠪᠣᠬᠢᠷ ᠢᠶᠠᠷ ᠳᠦᠭᠦᠷᠦᠭᠰᠡᠨ ᠠᠯᠲᠠᠨ ᠬᠤᠨᠳᠠᠭ᠎ᠠ ᠲᠠᠢ᠂ 5 ᠮᠠᠩᠨᠠᠢ ᠳᠡᠭᠡᠷ᠎ᠡ ᠨᠢ 《ᠶᠡᠬᠡ ᠪᠠᠪᠢᠯᠣᠨ᠂ ᠭᠠᠵᠠᠷ ᠤᠨ ᠶᠠᠩ᠋ᠬᠠᠨ ᠨᠤᠭᠤᠳ ᠪᠠ ᠵᠢᠭᠰᠢᠭᠦᠷᠢᠲᠦ ᠶᠠᠭᠤᠮᠠᠰ ᠤᠨ ᠡᠬᠡ》 ᠭᠡᠵᠦ ᠪᠢᠴᠢᠭᠰᠡᠨ ᠨᠢᠭᠤᠴᠠ ᠨᠡᠷ᠎ᠡ ᠲᠠᠢ ᠪᠠᠢᠯ᠎ᠠ᠃ 6 ᠪᠢ ᠦᠵᠡᠬᠦ ᠳᠦ᠂ ᠲᠡᠷᠡ ᠡᠮᠡᠭᠲᠡᠢ ᠠᠷᠢᠭᠤᠨ ᠬᠥᠮᠦᠰ ᠦᠨ ᠴᠢᠰᠤ ᠪᠣᠯᠣᠨ ᠢᠰᠦ᠋ᠰ ᠢ ᠭᠡᠷᠡᠴᠢᠯᠡᠭᠴᠢᠳ ᠤᠨ ᠴᠢᠰᠤᠨ ᠳᠤ ᠰᠣᠭᠲᠣᠭᠰᠠᠨ ᠪᠠᠢᠪᠠ᠃

7 ᠥᠨᠥᠬᠢ ᠲᠩᠷᠢ ᠡᠯᠴᠢ ᠨᠠᠳᠠ ᠳᠤ᠄ 《ᠴᠢ ᠶᠠᠭᠤᠨ ᠳᠤ ᠬᠠᠴᠢᠷᠬᠠᠨ᠎ᠠ ᠪᠤᠢ︖ ᠡᠨᠡ ᠡᠮᠡᠭᠲᠡᠢ ᠶᠢᠨ ᠨᠢᠭᠤᠴᠠ ᠪᠠ ᠲᠡᠭᠦᠨ ᠢ ᠤᠨᠤᠭᠤᠯᠵᠤ ᠶᠠᠪᠤᠭ᠎ᠠ ᠳᠣᠯᠣᠭᠠᠨ ᠲᠣᠯᠣᠭᠠᠢ ᠲᠠᠢ᠂ ᠠᠷᠪᠠᠨ ᠡᠪᠡᠷ ᠲᠡᠢ ᠠᠷᠢᠶᠠᠲᠠᠨ ᠤ ᠨᠢᠭᠤᠴᠠ ᠶᠢ ᠪᠢ ᠴᠢᠮ᠎ᠠ ᠳᠤ ᠬᠡᠯᠡᠶ᠎ᠡ᠃ 8 ᠴᠢᠨᠦ ᠬᠠᠷᠠᠭᠰᠠᠨ ᠠᠷᠢᠶᠠᠲᠠᠨ ᠪᠠᠢᠭᠰᠠᠨ ᠪᠣᠯᠪᠠᠴᠤ ᠣᠳᠣ ᠪᠠᠢᠬᠤ ᠦᠭᠡᠢ᠃ ᠲᠡᠷᠡ ᠢᠷᠤᠭᠠᠷ ᠦᠭᠡᠢ ᠨᠦᠬᠡᠨ ᠡᠴᠡ ᠭᠠᠷᠴᠤ ᠢᠷᠡᠭᠡᠳ ᠮᠥᠬᠥᠯ ᠤᠷᠤᠭᠤ ᠣᠷᠣᠬᠤ ᠪᠣᠯᠣᠨ᠎ᠠ᠃ ᠪᠠᠢᠭᠰᠠᠨ᠂ ᠣᠳᠣ ᠪᠠᠢᠬᠤ ᠦᠭᠡᠢ᠂ ᠬᠠᠷᠢᠨ ᠬᠣᠵᠢᠮ ᠨᠢ ᠢᠷᠡᠬᠦ ᠡᠨᠡ ᠠᠷᠢᠶᠠᠲᠠᠨ ᠢ ᠬᠠᠷᠠᠭᠠᠳ ᠶᠢᠷᠲᠢᠨᠴᠦ ᠪᠦᠲᠦᠭᠡᠭᠳᠡᠭᠰᠡᠨ ᠡᠴᠡ ᠬᠣᠢᠰᠢ ᠠᠮᠢ ᠶᠢᠨ ᠨᠣᠮ ᠳᠤ ᠨᠡᠷ᠎ᠡ ᠪᠡᠨ ᠪᠢᠴᠢᠭᠦᠯᠦᠭᠡ ᠦᠭᠡᠢ ᠭᠠᠵᠠᠷ ᠳᠡᠭᠡᠷ᠎ᠡ ᠰᠠᠭᠤᠭᠴᠢᠳ ᠭᠠᠢᠬᠠᠬᠤ ᠪᠣᠯᠣᠨ᠎ᠠ᠃

9 ᠡᠭᠦᠨ ᠳᠦ ᠮᠡᠷᠭᠡᠨ ᠤᠬᠠᠭᠠᠨ ᠬᠡᠷᠡᠭ ᠲᠡᠢ᠃ ᠳᠣᠯᠣᠭᠠᠨ ᠲᠣᠯᠣᠭᠠᠢ ᠨᠢ ᠡᠮᠡᠭᠲᠡᠢ ᠶᠢ ᠰᠠᠭᠤᠯᠭᠠᠭᠰᠠᠨ ᠳᠣᠯᠣᠭᠠᠨ ᠠᠭᠤᠯᠠ ᠪᠤᠶᠤ ᠳᠣᠯᠣᠭᠠᠨ ᠬᠠᠭᠠᠨ ᠪᠣᠯᠠᠢ᠃ 10 ᠲᠠᠪᠤ ᠨᠢ ᠨᠤᠷᠠᠭᠰᠠᠨ ᠪᠥᠭᠡᠳ ᠨᠢᠭᠡ ᠨᠢ ᠪᠠᠢᠭ᠎ᠠ᠂ ᠨᠥᠭᠥᠭᠡ ᠨᠢ ᠬᠠᠷᠠᠬᠠᠨ ᠢᠷᠡᠭᠡ ᠦᠭᠡᠢ᠃ ᠲᠡᠷᠡ ᠢᠷᠡᠪᠡᠯ ᠯᠠᠪ ᠬᠣᠷᠣᠮᠬᠠᠨ ᠵᠠᠭᠤᠷ᠎ᠠ ᠴᠤ ᠪᠠᠢᠬᠤ ᠪᠣᠯᠣᠨ᠎ᠠ᠃ 11 ᠪᠠᠢᠭᠰᠠᠨ᠂ ᠣᠳᠣ ᠪᠠᠢᠬᠤ ᠦᠭᠡᠢ ᠥᠨᠥᠬᠢ ᠠᠷᠢᠶᠠᠲᠠᠨ ᠪᠣᠯ ᠨᠠᠢ᠌ᠮᠠᠳᠠᠬᠢ ᠨᠢ ᠮᠥᠨ᠃ ᠲᠡᠷᠡ ᠪᠣᠯ ᠥᠨᠥᠬᠢ ᠳᠣᠯᠣᠭ᠎ᠠ ᠠᠴᠠ ᠭᠠᠷᠤᠯ ᠲᠠᠢ ᠪᠥᠭᠡᠳ ᠮᠥᠬᠥᠯ ᠤᠷᠤᠭᠤ ᠣᠷᠣᠬᠤ ᠪᠣᠯᠣᠨ᠎ᠠ᠃ 12 ᠴᠢᠨᠦ ᠬᠠᠷᠠᠭᠰᠠᠨ ᠠᠷᠪᠠᠨ ᠡᠪᠡᠷ ᠪᠣᠯ ᠠᠷᠪᠠᠨ ᠬᠠᠭᠠᠨ ᠶᠤᠮ᠃ ᠲᠡᠳᠡ ᠬᠠᠭᠠᠨᠴᠢᠯᠠᠯ ᠢᠶᠠᠨ ᠬᠠᠷᠠᠬᠠᠨ ᠣᠯᠣᠭ᠎ᠠ ᠦᠭᠡᠢ ᠪᠣᠯᠪᠠᠴᠤ ᠠᠷᠢᠶᠠᠲᠠᠨ ᠲᠠᠢ ᠬᠠᠮᠲᠤ ᠨᠢᠭᠡᠨ ᠴᠠᠭ ᠬᠠᠭᠠᠨ ᠮᠡᠲᠦ ᠡᠷᠬᠡ ᠮᠡᠳᠡᠯ ᠲᠡᠢ ᠪᠣᠯᠣᠨ᠎ᠠ᠃ 13 ᠲᠡᠳᠡ ᠰᠠᠨᠠᠭ᠎ᠠ ᠨᠢᠭᠡᠲᠡᠢ ᠪᠠᠷ ᠥᠪᠡᠷᠰᠡᠳ ᠦᠨ ᠢᠶᠠᠨ ᠬᠦᠴᠦ ᠪᠠ ᠡᠷᠬᠡ ᠶᠢ ᠠᠷᠢᠶᠠᠲᠠᠨ ᠳᠤ ᠥᠭᠭᠥᠭᠡᠳ 14 ᠬᠤᠷᠠᠭ᠎ᠠ ᠲᠠᠢ ᠪᠠᠢᠯᠳᠤᠬᠤ ᠪᠣᠯᠪᠠᠴᠤ ᠬᠤᠷᠠᠭ᠎ᠠ ᠲᠡᠳᠡᠨ ᠢ ᠢᠯᠠᠨ᠎ᠠ᠃ ᠤᠴᠢᠷ ᠨᠢ᠂ ᠲᠡᠷᠡ ᠪᠣᠯ ᠡᠵᠡᠳ ᠦᠨ ᠡᠵᠡᠨ᠂ ᠬᠠᠭᠠᠳ ᠤᠨ ᠬᠠᠭᠠᠨ ᠪᠢᠯᠡ᠃ ᠲᠡᠭᠦᠨ ᠲᠡᠢ ᠬᠠᠮᠲᠤ ᠪᠠᠢᠭᠴᠢᠳ ᠨᠢ ᠳᠠᠭᠤᠳᠠᠭᠳᠠᠵᠤ ᠰᠣᠩ᠋ᠭᠣᠭᠳᠠᠭᠰᠠᠨ ᠢᠲᠡᠭᠡᠮᠵᠢᠲᠦ ᠬᠥᠮᠦᠰ ᠪᠢᠯᠡ》 ᠭᠡᠪᠡ᠃

15 ᠲᠡᠭᠡᠭᠡᠳ ᠲᠩᠷᠢ ᠡᠯᠴᠢ ᠨᠠᠳᠠ ᠳᠤ᠄ 《ᠴᠢᠨᠦ ᠬᠠᠷᠠᠭᠰᠠᠨ ᠤᠰᠤ ᠪᠤᠶᠤ ᠶᠠᠩ᠋ᠬᠠᠨ ᠢ ᠰᠠᠭᠤᠯᠭᠠᠭᠰᠠᠨ ᠤᠰᠤ ᠨᠤᠭᠤᠳ ᠨᠢ ᠣᠪᠣᠭ ᠠᠢᠮᠠᠭ ᠤᠳ᠂ ᠠᠷᠠᠳ ᠣᠯᠠᠨ᠂ ᠦᠨᠳᠦᠰᠦᠲᠡᠨ ᠨᠦᠭᠦᠳ ᠪᠠ ᠬᠡᠯᠡ ᠨᠦᠭᠦᠳ ᠪᠣᠯᠠᠢ᠃ 16 ᠴᠢᠨᠦ ᠬᠠᠷᠠᠭᠰᠠᠨ ᠠᠷᠪᠠᠨ ᠡᠪᠡᠷ ᠪᠠ ᠠᠷᠢᠶᠠᠲᠠᠨ ᠶᠠᠩ᠋ᠬᠠᠨ ᠢ ᠵᠠᠨᠤᠵᠤ᠂ ᠬᠣᠭᠣᠰᠣᠷᠠᠭᠤᠯᠤᠨ᠂ ᠨᠢᠴᠦᠭᠦᠯᠡᠵᠦ᠂ ᠮᠢᠬ᠎ᠠ ᠶᠢ ᠨᠢ ᠢᠳᠡᠭᠡᠳ ᠲᠡᠭᠦᠨ ᠢ ᠭᠠᠯ ᠢᠶᠠᠷ ᠰᠢᠲᠠᠭᠠᠨ᠎ᠠ᠃ 17 ᠤᠴᠢᠷ ᠨᠢ᠂ ᠪᠤᠷᠬᠠᠨ ᠤ ᠦᠭᠡ ᠪᠡᠶᠡᠯᠡᠭᠳᠡᠬᠦ ᠬᠦᠷᠲᠡᠯ᠎ᠡ ᠲᠡᠳᠡ ᠨᠢᠭᠡ ᠰᠡᠳᠬᠢᠯ ᠢᠶᠠᠷ ᠥᠪᠡᠷ ᠦᠨ ᠢᠶᠠᠨ ᠬᠠᠭᠠᠨᠴᠢᠯᠠᠯ ᠢ ᠠᠷᠢᠶᠠᠲᠠᠨ ᠳᠤ ᠥᠭᠭᠥᠨ᠎ᠡ᠂ ᠥᠪᠡᠷ ᠦᠨ ᠦᠭᠡ ᠪᠡᠨ ᠪᠡᠶᠡᠯᠡᠭᠦᠯᠬᠦ ᠶᠢᠨ ᠲᠤᠯᠠᠳᠠ ᠪᠤᠷᠬᠠᠨ ᠲᠡᠳᠡᠨ ᠦ ᠵᠢᠷᠦᠬᠡᠨ ᠳᠦ ᠦᠭᠡ ᠪᠡᠨ ᠬᠢᠭᠰᠡᠨ ᠶᠤᠮ᠃ 18 ᠴᠢᠨᠦ ᠬᠠᠷᠠᠭᠰᠠᠨ ᠲᠡᠷᠡ ᠡᠮᠡᠭᠲᠡᠢ ᠪᠣᠯ ᠭᠠᠵᠠᠷ ᠤᠨ ᠬᠠᠭᠠᠳ ᠢ ᠵᠠᠬᠢᠷᠬᠤ ᠡᠷᠬᠡ ᠲᠠᠢ ᠶᠡᠬᠡ ᠬᠣᠲᠠ ᠮᠥᠨ》 ᠭᠡᠵᠡᠢ᠃