ᠢᠯᠡᠷᠬᠡᠶᠢᠯᠡᠯᠭᠡ ᠭᠤᠷᠪᠠ
ᠰᠠᠷᠳᠢ ᠴᠢᠭᠤᠯᠭᠠᠨ ᠳᠤ
1 ᠰᠠᠷᠳᠢ ᠳᠠᠬᠢ ᠴᠢᠭᠤᠯᠭᠠᠨ ᠤ ᠡᠯᠴᠢ 14 ᠳᠤ ᠪᠢᠴᠢᠭᠲᠦᠨ᠄ ᠪᠤᠷᠬᠠᠨ ᠤ ᠳᠣᠯᠣᠭᠠᠨ ᠰᠦᠨᠡᠰᠦ 15 ᠪᠠ ᠳᠣᠯᠣᠭᠠᠨ ᠣᠳᠣ ᠲᠠᠢ ᠨᠢᠭᠡᠨ ᠡᠢᠨ ᠬᠦ ᠠᠢᠯᠠᠳᠴᠤ ᠪᠠᠢᠨ᠎ᠠ᠄ ᠪᠢ ᠦᠢᠯᠡᠰ ᠢ ᠴᠢᠨᠢ ᠮᠡᠳᠡᠨ᠎ᠡ᠃ ᠴᠢ 〈ᠠᠮᠢᠳᠤ〉 ᠭᠡᠳᠡᠭ ᠨᠡᠷ᠎ᠡ ᠲᠠᠢ ᠪᠣᠯᠪᠠᠴᠤ ᠦᠬᠦᠭᠰᠡᠨ ᠪᠠᠢᠳᠠᠭ᠃ 2 ᠰᠡᠷᠡᠮᠵᠢᠯᠡᠭᠲᠦᠨ᠂ ᠦᠯᠡᠳᠡᠭᠰᠡᠨ ᠪᠣᠯᠪᠠᠴᠤ ᠦᠬᠦᠵᠦ ᠪᠠᠢᠭ᠎ᠠ ᠪᠦᠬᠦᠨ ᠢᠶᠡᠨ ᠲᠡᠩᠬᠡᠷᠡᠭᠦᠯ᠂ ᠮᠢᠨᠦ ᠪᠤᠷᠬᠠᠨ ᠤ ᠡᠮᠦᠨ᠎ᠡ ᠴᠢᠨᠦ ᠦᠢᠯᠡᠰ ᠲᠡᠭᠦᠯᠳᠡᠷᠵᠢᠭᠰᠡᠨ ᠢ ᠪᠢ ᠣᠯᠵᠤ ᠦᠵᠡᠭᠡ ᠦᠭᠡᠢ᠃ 3 ᠲᠡᠢᠮᠦ ᠡᠴᠡ ᠴᠢ ᠶᠠᠭᠠᠬᠢᠵᠤ ᠬᠦᠯᠢᠶᠡᠨ ᠠᠪᠤᠭᠰᠠᠨ ᠢᠶᠠᠨ᠂ ᠶᠠᠭᠠᠬᠢᠵᠤ ᠰᠣᠨᠣᠰᠣᠭᠰᠠᠨ ᠢᠶᠠᠨ ᠰᠠᠨᠠ᠂ ᠰᠠᠬᠢ᠂ ᠭᠡᠮᠰᠢ᠃ ᠬᠡᠷᠪᠡ ᠴᠢ ᠰᠡᠷᠡᠮᠵᠢ ᠦᠭᠡᠢ ᠪᠣᠯ ᠪᠢ ᠬᠤᠯᠠᠭᠠᠢᠴᠢ ᠮᠡᠲᠦ ᠢᠷᠡᠬᠦ ᠪᠥᠭᠡᠳ ᠮᠢᠨᠦ ᠠᠯᠢ ᠴᠠᠭ ᠲᠤ ᠢᠷᠡᠬᠦ ᠶᠢ ᠴᠢ ᠣᠭᠲᠣ ᠮᠡᠳᠡᠬᠦ ᠦᠭᠡᠢ᠃ 4 ᠭᠡᠪᠡᠴᠦ ᠰᠠᠷᠳᠢ ᠳᠤ ᠬᠤᠪᠴᠠᠰᠤ ᠪᠠᠨ ᠪᠤᠵᠠᠷᠯᠠᠭᠠ ᠦᠭᠡᠢ ᠬᠡᠳᠦᠨ ᠬᠥᠮᠦᠨ ᠴᠢᠮ᠎ᠠ ᠳᠤ ᠪᠠᠢᠨ᠎ᠠ᠃ ᠲᠡᠳᠡ ᠴᠠᠭᠠᠨ ᠬᠤᠪᠴᠠᠰᠤ ᠡᠮᠦᠰᠦᠭᠡᠳ ᠨᠠᠳᠠ ᠲᠠᠢ ᠬᠠᠮᠲᠤ ᠶᠠᠪᠤᠬᠤ ᠪᠣᠯᠣᠨ᠎ᠠ᠃ ᠤᠴᠢᠷ ᠨᠢ ᠲᠡᠳᠡ ᠲᠡᠭᠡᠬᠦ ᠬᠢᠷᠢ ᠭᠡᠮ ᠲᠡᠢ᠃ 5 ᠡᠢᠨ ᠬᠦ ᠢᠯᠠᠭᠴᠢ ᠨᠢ ᠴᠠᠭᠠᠨ ᠬᠤᠪᠴᠠᠰᠤ ᠡᠮᠦᠰᠦᠨ᠎ᠡ᠂ ᠪᠢ ᠲᠡᠭᠦᠨ ᠦ ᠨᠡᠷ᠎ᠡ ᠶᠢ ᠠᠮᠢ ᠶᠢᠨ ᠨᠣᠮ ᠠᠴᠠ ᠬᠡᠷᠬᠢᠪᠡᠴᠦ ᠪᠠᠯᠠᠯᠬᠤ ᠦᠭᠡᠢ ᠪᠥᠭᠡᠳ ᠨᠡᠷ᠎ᠡ ᠶᠢ ᠨᠢ ᠡᠴᠢᠭᠡ ᠶᠢᠨ ᠡᠮᠦᠨ᠎ᠡ᠂ ᠪᠠᠰᠠ ᠡᠴᠢᠭᠡ ᠶᠢᠨ ᠡᠯᠴᠢ ᠶᠢᠨ ᠡᠮᠦᠨ᠎ᠡ ᠵᠥᠪᠰᠢᠶᠡᠷᠡᠨ᠎ᠡ᠃ 6 ᠠᠷᠢᠭᠤᠨ ᠰᠦᠨᠡᠰᠦ ᠴᠢᠭᠤᠯᠭᠠᠨ ᠨᠤᠭᠤᠳ ᠲᠤ ᠶᠠᠭᠤ ᠠᠢᠯᠠᠳᠴᠤ ᠪᠠᠢᠭ᠎ᠠ ᠶᠢ ᠴᠢᠬᠢ ᠲᠠᠢ ᠨᠢ ᠰᠣᠨᠣᠰᠣᠭᠲᠤᠨ᠃
ᠹᠢᠯᠠᠳᠧᠯᠹᠢᠶ᠎ᠠ ᠴᠢᠭᠤᠯᠭᠠᠨ ᠳᠤ
7 ᠹᠢᠯᠠᠳᠧᠯᠹᠢᠶ᠎ᠠ ᠳᠠᠬᠢ ᠴᠢᠭᠤᠯᠭᠠᠨ ᠤ ᠡᠯᠴᠢ 16 ᠳᠤ ᠪᠢᠴᠢᠭᠲᠦᠨ᠄ ᠠᠷᠢᠭᠤᠨ ᠨᠢᠭᠡᠨ᠂ ᠦᠨᠡᠨ ᠨᠢᠭᠡᠨ᠂ ᠳ᠋ᠠᠸᠢᠳ᠋ ᠤᠨ ᠲᠦᠯᠬᠢᠭᠦᠷ ᠲᠡᠢ ᠨᠢᠭᠡᠨ᠂ ᠨᠡᠭᠡᠭᠡᠬᠦ ᠳᠦᠨᠢ ᠬᠡᠨ ᠴᠤ ᠬᠠᠭᠠᠰᠢ ᠦᠭᠡᠢ᠂ ᠬᠠᠭᠠᠬᠤ ᠳᠤᠨᠢ ᠬᠡᠨ ᠴᠤ ᠨᠡᠭᠡᠭᠡᠰᠢ ᠦᠭᠡᠢ ᠨᠢᠭᠡᠨ ᠡᠢᠨ ᠬᠦ ᠠᠢᠯᠠᠳᠴᠤ ᠪᠠᠢᠨ᠎ᠠ᠄
8 ᠪᠢ ᠦᠢᠯᠡᠰ ᠢ ᠴᠢᠨᠢ ᠮᠡᠳᠡᠨ᠎ᠡ᠃ ᠠᠩ᠋ᠬᠠᠷᠤᠭᠲᠤᠨ᠂ ᠬᠡᠨ ᠦ ᠴᠤ ᠬᠠᠭᠠᠵᠤ ᠴᠢᠳᠠᠰᠢ ᠦᠭᠡᠢ ᠨᠡᠭᠡᠭᠡᠯᠲᠡᠲᠡᠢ ᠡᠭᠦᠳᠡ ᠶᠢ ᠪᠢ ᠴᠢᠨᠦ ᠡᠮᠦᠨ᠎ᠡ ᠲᠠᠯᠪᠢᠯ᠎ᠠ᠃ ᠤᠴᠢᠷ ᠨᠢ᠂ ᠴᠢ ᠴᠢᠳᠠᠯ ᠪᠠᠭ᠎ᠠ ᠲᠠᠢ ᠪᠣᠯᠪᠠᠴᠤ ᠮᠢᠨᠦ ᠦᠭᠡ ᠶᠢ ᠰᠠᠬᠢᠭᠰᠠᠨ ᠪᠥᠭᠡᠳ ᠮᠢᠨᠦ ᠨᠡᠷ᠎ᠡ ᠶᠢ ᠮᠡᠯᠵᠢᠭᠰᠡᠨ ᠦᠭᠡᠢ᠃ 9 ᠠᠩ᠋ᠬᠠᠷᠤᠭᠲᠤᠨ᠂ ᠰᠠᠲ᠋ᠠᠨ ᠤ ᠪᠦᠯᠦᠭ ᠦᠨ ᠬᠢᠨ ᠡᠴᠡ ᠵᠠᠷᠢᠮ ᠢ ᠨᠢ ᠪᠢ ᠴᠢᠮ᠎ᠠ ᠳᠤ ᠥᠭᠭᠥᠨ᠎ᠡ᠂ ᠲᠡᠳᠡ ᠥᠪᠡᠷᠰᠡᠳ ᠢ ᠪᠠᠨ ᠶᠦᠳᠠᠢᠴᠤᠳ ᠬᠡᠮᠡᠳᠡᠭ ᠪᠣᠯᠪᠠᠴᠤ ᠶᠦᠳᠠᠢᠴᠤᠳ ᠪᠢᠰᠢ᠂ ᠬᠤᠳᠠᠯ ᠶᠠᠷᠢᠵᠤ ᠪᠠᠢᠨ᠎ᠠ᠃ ᠠᠩ᠋ᠬᠠᠷᠤᠭᠲᠤᠨ᠂ ᠪᠢ ᠲᠡᠳᠡ ᠨᠠᠷ ᠢ ᠢᠷᠡᠭᠦᠯᠵᠦ᠂ ᠬᠥᠯ ᠦᠨ ᠴᠢᠨᠢ ᠡᠮᠦᠨ᠎ᠡ ᠮᠥᠷᠭᠥᠭᠦᠯᠬᠦ ᠪᠥᠭᠡᠳ ᠴᠢᠮᠠᠶᠢ ᠬᠠᠢᠷᠠᠯᠠᠳᠠᠭ ᠢᠶᠠᠨ ᠲᠡᠳᠡᠨ ᠳᠦ ᠮᠡᠳᠡᠭᠦᠯᠦᠨ᠎ᠡ᠃ 10 〈ᠲᠡᠰᠪᠦᠷᠢᠯᠡ〉 ᠭᠡᠰᠡᠨ ᠦᠭᠡ ᠶᠢ ᠮᠢᠨᠢ ᠴᠢ ᠰᠠᠬᠢᠭᠰᠠᠨ ᠲᠤᠯᠠ ᠪᠢ ᠴᠤ ᠴᠢᠮᠠᠶᠢ ᠰᠠᠬᠢᠵᠤ᠂ ᠭᠠᠵᠠᠷ ᠳᠡᠭᠡᠷ᠎ᠡ ᠰᠠᠭᠤᠭᠴᠢᠳ ᠢ ᠰᠣᠷᠢᠬᠤ ᠶᠢᠨ ᠲᠤᠯᠠᠳᠠ ᠳᠡᠯᠡᠬᠡᠢ ᠳᠠᠶᠠᠭᠠᠷ ᠢᠷᠡᠬᠦ ᠰᠣᠷᠢᠯᠲᠠ ᠶᠢᠨ ᠴᠠᠭ ᠠᠴᠠ ᠴᠢᠮᠠᠶᠢ ᠭᠠᠷᠭᠠᠶ᠎ᠠ᠃ 11 ᠪᠢ ᠤᠳᠠᠬᠤ ᠦᠭᠡᠢ ᠣᠴᠢᠨ᠎ᠠ᠃ ᠬᠡᠨ ᠳᠦ ᠴᠤ ᠲᠢᠲᠢᠮ ᠢᠶᠠᠨ ᠪᠤᠯᠢᠶᠠᠭᠳᠠᠬᠤ ᠦᠭᠡᠢ ᠶᠢᠨ ᠲᠤᠯᠠᠳᠠ ᠥᠪᠡᠷ ᠲᠦ ᠴᠢᠨᠢ ᠪᠠᠢᠭ᠎ᠠ ᠪᠠᠨ ᠪᠠᠷᠢᠮᠲᠠᠯᠠᠭᠲᠤᠨ᠃ 12 ᠢᠯᠠᠭᠴᠢ ᠶᠢ ᠪᠢ ᠪᠤᠷᠬᠠᠨ ᠤ ᠪᠠᠨ ᠥᠷᠭᠥᠭᠡᠨ ᠳᠠᠬᠢ ᠪᠠᠭᠠᠨ᠎ᠠ ᠪᠣᠯᠭᠠᠨ᠎ᠠ᠃ ᠲᠡᠷᠡ ᠲᠡᠨᠳᠡ ᠡᠴᠡ ᠭᠠᠳᠠᠭᠰᠢ ᠪᠠᠨ ᠬᠡᠷᠬᠢᠪᠡᠴᠦ ᠳᠠᠬᠢᠨ ᠭᠠᠷᠬᠤ ᠦᠭᠡᠢ᠃ ᠪᠤᠷᠬᠠᠨ ᠤ ᠪᠠᠨ ᠨᠡᠷ᠎ᠡ᠂ ᠪᠤᠷᠬᠠᠨ ᠤ ᠪᠠᠨ ᠬᠣᠲᠠ ᠶᠢᠨ ᠨᠡᠷ᠎ᠡ ᠪᠤᠶᠤ ᠮᠢᠨᠦ ᠪᠤᠷᠬᠠᠨ ᠠᠴᠠ ᠭᠠᠷᠴᠤ ᠲᠩᠷᠢ ᠡᠴᠡ ᠪᠠᠭᠤᠬᠤ ᠰᠢᠨ᠎ᠡ ᠶᠧᠷᠦ᠋ᠰᠠᠯᠧᠮ ᠤᠨ ᠨᠡᠷ᠎ᠡ᠂ ᠮᠥᠨ ᠥᠪᠡᠷ ᠦᠨ ᠰᠢᠨ᠎ᠡ ᠨᠡᠷ᠎ᠡ ᠪᠡᠨ ᠪᠢ ᠲᠡᠭᠦᠨ ᠳᠡᠭᠡᠷ᠎ᠡ ᠪᠢᠴᠢᠨ᠎ᠡ᠃ 13 ᠠᠷᠢᠭᠤᠨ ᠰᠦᠨᠡᠰᠦ ᠴᠢᠭᠤᠯᠭᠠᠨ ᠨᠤᠭᠤᠳ ᠲᠤ ᠶᠠᠭᠤ ᠠᠢᠯᠠᠳᠴᠤ ᠪᠠᠢᠭ᠎ᠠ ᠶᠢ ᠴᠢᠬᠢ ᠲᠠᠢ ᠨᠢ ᠰᠣᠨᠣᠰᠣᠭᠲᠤᠨ︕
ᠯᠠᠣᠳᠢᠺᠧᠶ᠎ᠠ ᠴᠢᠭᠤᠯᠭᠠᠨ ᠳᠤ
14 ᠯᠠᠣᠳᠢᠺᠧᠶ᠎ᠠ ᠳᠠᠬᠢ ᠴᠢᠭᠤᠯᠭᠠᠨ ᠤ ᠡᠯᠴᠢ 17 ᠳᠤ ᠪᠢᠴᠢᠭᠲᠦᠨ᠄ ᠠᠮᠧᠨ ᠬᠡᠮᠡᠭᠴᠢ᠂ ᠢᠲᠡᠭᠡᠮᠵᠢᠲᠦ ᠦᠨᠡᠨ ᠭᠡᠷᠡᠴᠢᠯᠡᠭᠴᠢ᠂ ᠪᠤᠷᠬᠠᠨ ᠤ ᠪᠦᠲᠦᠭᠡᠯ ᠦᠨ ᠡᠭᠦᠰᠭᠡᠭᠴᠢ ᠡᠢᠨ ᠬᠦ ᠠᠢᠯᠠᠳᠴᠤ ᠪᠠᠢᠨ᠎ᠠ᠄
15 ᠪᠢ ᠦᠢᠯᠡᠰ ᠢ ᠴᠢᠨᠢ ᠮᠡᠳᠡᠨ᠎ᠡ᠃ ᠴᠢ ᠬᠦᠢᠲᠡᠨ ᠴᠤ ᠪᠢᠰᠢ᠂ ᠬᠠᠯᠠᠭᠤᠨ ᠴᠤ ᠪᠢᠰᠢ ᠪᠠᠢᠨ᠎ᠠ᠃ ᠴᠢ ᠬᠦᠢᠲᠡᠨ᠂ ᠡᠰᠡᠪᠡᠯ ᠬᠠᠯᠠᠭᠤᠨ ᠪᠣᠯᠣᠭᠠᠰᠠᠢ᠃ 16 ᠴᠢ ᠡᠢᠨ ᠬᠦ ᠬᠠᠯᠠᠭᠤᠨ ᠴᠤ ᠪᠢᠰᠢ᠂ ᠬᠦᠢᠲᠡᠨ ᠴᠤ ᠪᠢᠰᠢ᠂ ᠪᠦᠯᠢᠶᠡᠨ ᠪᠣᠯᠬᠣᠷ ᠪᠢ ᠴᠢᠮᠠᠶᠢ ᠠᠮᠠᠨ ᠠᠴᠠ ᠪᠠᠨ ᠪᠥᠭᠡᠯᠵᠢᠵᠦ ᠭᠠᠷᠭᠠᠬᠤ ᠭᠡᠵᠦ ᠪᠠᠢᠨ᠎ᠠ᠃ 17 ᠴᠢ ᠥᠪᠡᠷ ᠢ ᠪᠠᠨ ᠪᠠᠶᠠᠨ ᠬᠡᠮᠡᠨ 《ᠪᠠᠶᠠᠵᠢᠭᠰᠠᠨ ᠲᠤᠯᠠ ᠶᠠᠭᠤ ᠴᠤ ᠳᠤᠲᠠᠬᠤ ᠦᠭᠡᠢ》 ᠭᠡᠵᠦ ᠬᠡᠯᠡᠳᠡᠭ ᠬᠢᠷᠢ ᠨᠢ ᠥᠪᠡᠷ ᠢᠶᠡᠨ ᠵᠣᠯ ᠦᠭᠡᠢ᠂ ᠬᠥᠭᠡᠷᠦᠬᠦᠢᠯᠡᠯᠲᠡᠢ᠂ ᠶᠠᠳᠠᠭᠤ᠂ ᠰᠣᠬᠣᠷ᠂ ᠨᠢᠴᠦᠭᠦᠨ ᠭᠡᠳᠡᠭ ᠢᠶᠡᠨ ᠦᠯᠦ ᠮᠡᠳᠡᠨ᠎ᠡ᠃ 18 ᠴᠢᠮ᠎ᠠ ᠳᠤ ᠵᠥᠪᠯᠡᠶ᠎ᠡ᠂ ᠭᠠᠯ ᠳᠤ ᠪᠣᠯᠪᠠᠰᠤᠷᠠᠭᠤᠯᠤᠭᠰᠠᠨ ᠠᠯᠲᠠ ᠶᠢ ᠨᠠᠳᠠ ᠠᠴᠠ ᠬᠤᠳᠠᠯᠳᠤᠨ ᠠᠪ᠂ ᠲᠡᠭᠡᠪᠡᠯ ᠪᠠᠶᠠᠨ ᠪᠣᠯᠣᠨ᠎ᠠ᠃ ᠴᠠᠭᠠᠨ ᠬᠤᠪᠴᠠᠰᠤ ᠶᠢ ᠴᠤ ᠠᠪ᠂ ᠲᠡᠭᠡᠪᠡᠯ ᠬᠤᠪᠴᠠᠰᠤᠯᠠᠵᠤ ᠨᠢᠴᠦᠭᠦᠨ ᠦ ᠢᠴᠢᠭᠦᠷᠢ ᠪᠠᠨ ᠦᠯᠦ ᠦᠵᠡᠭᠦᠯᠬᠦ ᠪᠣᠯᠣᠨ᠎ᠠ᠃ ᠪᠠᠰᠠ ᠨᠢᠳᠦᠨ ᠳᠡᠭᠡᠨ ᠲᠦᠷᠬᠢᠬᠦ ᠡᠮ ᠢ ᠴᠤ ᠠᠪ᠂ ᠲᠡᠭᠡᠪᠡᠯ ᠴᠢ ᠬᠠᠷᠠᠬᠤ ᠪᠣᠯᠣᠨ᠎ᠠ᠃ 19 ᠪᠢ ᠬᠠᠢᠷᠠᠯᠠᠳᠠᠭ ᠬᠥᠮᠦᠰ ᠢᠶᠡᠨ ᠵᠢᠮᠡᠯᠡᠵᠦ ᠰᠠᠬᠢᠯᠭᠠᠵᠢᠭᠤᠯᠳᠠᠭ᠃ ᠲᠡᠢᠮᠦ ᠡᠴᠡ ᠴᠢ ᠬᠠᠯᠠᠭᠤᠨ ᠰᠡᠳᠬᠢᠯ ᠲᠠᠢ ᠪᠠᠢ᠂ ᠭᠡᠮᠰᠢᠭᠲᠦᠨ᠃ 20 ᠬᠠᠷᠠᠭᠲᠤᠨ᠂ ᠪᠢ ᠡᠭᠦᠳᠡᠨ ᠳᠡᠭᠡᠷ᠎ᠡ ᠵᠣᠭᠰᠣᠭᠠᠳ ᠲᠣᠭᠰᠢᠵᠤ ᠪᠠᠢᠨ᠎ᠠ᠃ ᠬᠡᠨ ᠴᠤ ᠪᠠᠢ᠂ ᠮᠢᠨᠦ ᠳᠠᠭᠤ ᠶᠢ ᠰᠣᠨᠣᠰᠣᠭᠠᠳ ᠡᠭᠦᠳᠡ ᠪᠡᠨ ᠨᠡᠭᠡᠭᠡᠪᠡᠯ ᠪᠢ ᠲᠡᠭᠦᠨ ᠦ ᠳᠦ ᠣᠷᠣᠬᠤ ᠪᠥᠭᠡᠳ ᠪᠢ ᠲᠡᠭᠦᠨ ᠲᠡᠢ ᠬᠠᠮᠲᠤ᠂ ᠲᠡᠷᠡ ᠨᠠᠳᠠ ᠲᠠᠢ ᠬᠠᠮᠲᠤ ᠬᠣᠭᠣᠯᠠᠯᠠᠬᠤ ᠪᠣᠯᠣᠨ᠎ᠠ᠃ 21 ᠪᠢ ᠢᠯᠠᠵᠤ᠂ ᠡᠴᠢᠭᠡ ᠲᠠᠢ ᠪᠠᠨ ᠬᠠᠮᠲᠤ ᠲᠡᠭᠦᠨ ᠦ ᠰᠡᠨᠲᠢ ᠳᠤ ᠰᠠᠭᠤᠭᠰᠠᠨ ᠤ ᠪᠠᠨ ᠠᠳᠠᠯᠢ ᠪᠠᠷ ᠢᠯᠠᠭᠴᠢ ᠶᠢ ᠥᠪᠡᠷ ᠲᠡᠢ ᠪᠡᠨ ᠬᠠᠮᠲᠤ ᠰᠡᠨᠲᠢ ᠳᠡᠭᠡᠨ ᠰᠠᠭᠤᠯᠭᠠᠵᠤ ᠰᠣᠶᠣᠷᠬᠠᠨ᠎ᠠ᠃ 22 ᠠᠷᠢᠭᠤᠨ ᠰᠦᠨᠡᠰᠦ ᠴᠢᠭᠤᠯᠭᠠᠨ ᠨᠤᠭᠤᠳ ᠲᠤ ᠶᠠᠭᠤ ᠠᠢᠯᠠᠳᠴᠤ ᠪᠠᠢᠭ᠎ᠠ ᠶᠢ ᠴᠢᠬᠢ ᠲᠠᠢ ᠨᠢ ᠰᠣᠨᠣᠰᠣᠭᠲᠤᠨ︕》 ᠭᠡᠵᠡᠢ᠃