1 2 3 4 5 6 7 8 9 10 11 12 13 14 15 16 17 18 19 20 21 22


ᠢᠯᠡᠷᠬᠡᠶᠢᠯᠡᠯᠭᠡ ᠶᠢᠰᠦ

1 ᠲᠠᠪᠤᠳᠠᠬᠢ ᠲᠩᠷᠢ ᠡᠯᠴᠢ ᠪᠦᠷᠢᠶ᠎ᠡ ᠪᠡᠨ ᠦᠯᠢᠶᠡᠪᠡ᠂ ᠲᠡᠭᠡᠬᠦ ᠳᠦ ᠪᠢ ᠲᠩᠷᠢ ᠡᠴᠡ ᠭᠠᠵᠠᠷ ᠲᠤ ᠤᠨᠠᠭᠰᠠᠨ ᠣᠳᠣ ᠶᠢ ᠬᠠᠷᠠᠯ᠎ᠠ᠃ ᠲᠡᠷᠡ ᠪᠡᠷ ᠢᠷᠤᠭᠠᠷ ᠦᠭᠡᠢ ᠨᠦᠬᠡᠨ ᠦ ᠲᠦᠯᠬᠢᠭᠦᠷ ᠢ ᠣᠯᠣᠭᠠᠳ 2 ᠢᠷᠤᠭᠠᠷ ᠦᠭᠡᠢ ᠨᠦᠬᠡ ᠶᠢ ᠨᠡᠭᠡᠭᠡᠭᠰᠡᠨ ᠳᠦ᠂ ᠨᠦᠬᠡᠨ ᠡᠴᠡ ᠲᠣᠮᠣ ᠵᠤᠤᠬᠠᠨ ᠤ ᠤᠲᠤᠭ᠎ᠠ ᠮᠡᠲᠦ ᠤᠲᠤᠭ᠎ᠠ ᠪᠤᠷᠭᠢᠪᠠ᠃ ᠨᠦᠬᠡᠨ ᠦ ᠤᠲᠤᠭ᠎ᠠ ᠠᠴᠠ ᠪᠣᠯᠵᠤ ᠨᠠᠷᠠ ᠪᠠ ᠣᠭᠲᠠᠷᠭᠤᠢ ᠬᠠᠷᠠᠩ᠋ᠭᠤᠢᠯᠠᠵᠠᠢ᠃ 3 ᠤᠲᠤᠭᠠᠨ ᠳᠣᠲᠣᠷ᠎ᠠ ᠠᠴᠠ ᠴᠠᠷᠴᠠᠬᠠᠢ ᠨᠤᠭᠤᠳ ᠭᠠᠷᠴᠤ ᠭᠠᠵᠠᠷ ᠳᠡᠭᠡᠷ᠎ᠡ ᠪᠠᠭᠤᠯ᠎ᠠ᠃ ᠲᠡᠳᠡ ᠭᠠᠵᠠᠷ ᠤᠨ ᠬᠢᠯᠢᠨᠴᠡᠲᠦ ᠬᠣᠷᠣᠬᠠᠢ ᠶᠢᠨ ᠬᠦᠴᠦ ᠰᠢᠭ ᠬᠦᠴᠦ ᠶᠢ ᠣᠯᠣᠭᠰᠠᠨ ᠪᠣᠯᠪᠠᠴᠤ 4 《ᠭᠠᠵᠠᠷ ᠤᠨ ᠡᠪᠡᠰᠦ ᠪᠤᠶᠤ ᠠᠯᠢᠪᠠ ᠨᠣᠭᠣᠭᠠᠨ ᠶᠠᠭᠤᠮ᠎ᠠ᠂ ᠠᠯᠢᠪᠠ ᠮᠣᠳᠣ ᠶᠢ ᠬᠣᠣᠷᠯᠠᠵᠤ ᠪᠣᠯᠬᠤ ᠦᠭᠡᠢ᠂ ᠵᠥᠪᠬᠡᠨ ᠮᠠᠩᠨᠠᠢ ᠳᠡᠭᠡᠷ᠎ᠡ ᠪᠡᠨ ᠪᠤᠷᠬᠠᠨ ᠤ ᠲᠠᠮᠠᠭ᠎ᠠ ᠦᠭᠡᠢ ᠬᠥᠮᠦᠰ ᠢ ᠯᠠ ᠬᠣᠣᠷᠯᠠ》 ᠭᠡᠰᠡᠨ ᠵᠠᠬᠢᠶ᠎ᠠ ᠶᠢ ᠠᠪᠴᠠᠢ᠃ 5 ᠭᠡᠪᠡᠴᠦ ᠲᠡᠳᠡᠨ ᠢ ᠠᠯᠠᠬᠤ ᠪᠤᠰᠤ᠂ ᠬᠠᠷᠢᠨ ᠲᠠᠪᠤᠨ ᠰᠠᠷ᠎ᠠ ᠶᠢᠨ ᠲᠤᠷᠰᠢ ᠲᠠᠷᠴᠢᠯᠠᠭᠠᠬᠤ ᠡᠷᠬᠡ ᠲᠠᠢ ᠪᠠᠢᠪᠠ᠃ ᠴᠠᠷᠴᠠᠬᠠᠢ ᠶᠢᠨ ᠲᠠᠷᠴᠢᠯᠠᠭᠠᠬᠤ ᠨᠢ ᠬᠢᠯᠢᠨᠴᠡᠲᠦ ᠬᠣᠷᠣᠬᠠᠢ ᠬᠥᠮᠦᠨ ᠢ ᠬᠠᠳᠬᠤᠵᠤ ᠲᠠᠷᠴᠢᠯᠠᠭᠠᠬᠤ ᠲᠠᠢ ᠠᠳᠠᠯᠢ᠃ 6 ᠲᠡᠷᠡ ᠡᠳᠦᠷ ᠤᠳ ᠲᠤ ᠬᠥᠮᠦᠰ ᠦᠬᠦᠯ ᠢ ᠬᠠᠢᠪᠠᠴᠤ ᠶᠡᠷᠦ ᠣᠯᠬᠤ ᠦᠭᠡᠢ᠃ ᠦᠬᠦᠬᠦ ᠶᠢ ᠬᠦᠰᠡᠪᠡᠴᠦ᠂ ᠦᠬᠦᠯ ᠲᠡᠳᠡᠨ ᠡᠴᠡ ᠵᠠᠢᠯᠠᠨ᠎ᠠ᠃

7 ᠴᠠᠷᠴᠠᠬᠠᠢ ᠶᠢᠨ ᠳᠦᠷᠰᠦ ᠨᠢ ᠪᠠᠢᠯᠳᠤᠭᠠᠨ ᠳᠤ ᠭᠠᠷᠬᠤ ᠪᠠᠷ ᠪᠡᠯᠡᠳᠬᠡᠭᠳᠡᠭᠰᠡᠨ ᠮᠣᠷᠢᠳ ᠮᠡᠲᠦ᠂ ᠲᠣᠯᠣᠭᠠᠢ ᠳᠡᠭᠡᠷ᠎ᠡ ᠨᠢ ᠠᠯᠲᠠᠨ ᠲᠢᠲᠢᠮ ᠮᠡᠲᠦ ᠶᠠᠭᠤᠮ᠎ᠠ ᠲᠠᠢ᠂ ᠨᠢᠭᠤᠷ ᠨᠢ ᠬᠥᠮᠦᠨ ᠦ ᠨᠢᠭᠤᠷ ᠰᠢᠭ᠋᠂ 8 ᠭᠡᠵᠢᠭᠡ ᠨᠢ ᠡᠮᠡᠭᠲᠡᠢ ᠶᠢᠨ ᠭᠡᠵᠢᠭᠡ ᠮᠡᠲᠦ᠂ ᠰᠢᠳᠦ ᠨᠢ ᠠᠷᠰᠯᠠᠨ ᠤ ᠮᠡᠲᠦ ᠪᠠᠢᠪᠠ᠃ 9 ᠡᠯᠢᠭᠡᠪᠴᠢ ᠨᠢ ᠲᠡᠮᠦᠷ ᠡᠯᠢᠭᠡᠪᠴᠢ ᠮᠡᠲᠦ᠂ ᠳᠠᠯᠠᠪᠴᠢ ᠶᠢᠨ ᠬᠢᠨᠢ ᠴᠢᠮᠡᠭᠡ ᠨᠢ ᠪᠠᠢᠯᠳᠤᠭᠠᠨ ᠳᠤ ᠳᠠᠪᠬᠢᠯᠳᠤᠬᠤ ᠣᠯᠠᠨ ᠮᠣᠷᠢᠨ ᠲᠡᠷᠭᠡᠨ ᠦ ᠴᠢᠮᠡᠭᠡ ᠮᠡᠲᠦ ᠪᠠᠢᠯ᠎ᠠ᠃ 10 ᠲᠡᠳᠡ ᠬᠢᠯᠢᠨᠴᠡᠲᠦ ᠬᠣᠷᠣᠬᠠᠢ ᠮᠡᠲᠦ ᠰᠡᠭᠦᠯ ᠪᠠ ᠬᠠᠳᠬᠤᠭᠤᠷ ᠲᠠᠢ᠃ ᠬᠥᠮᠦᠰ ᠢ ᠲᠠᠪᠤᠨ ᠰᠠᠷ᠎ᠠ ᠶᠢᠨ ᠲᠤᠷᠰᠢ ᠬᠣᠣᠷᠯᠠᠬᠤ ᠬᠦᠴᠦ ᠲᠡᠳᠡᠨ ᠦ ᠰᠡᠭᠦᠯ ᠳᠦ ᠪᠤᠢ᠃ 11 ᠵᠠᠬᠢᠷᠤᠭᠴᠢ ᠬᠠᠭᠠᠨ ᠨᠢ ᠢᠷᠤᠭᠠᠷ ᠦᠭᠡᠢ ᠨᠦᠬᠡᠨ ᠦ ᠡᠯᠴᠢ ᠪᠣᠯᠠᠢ᠃ ᠲᠡᠭᠦᠨ ᠦ ᠨᠡᠷ᠎ᠡ ᠶᠢ ᠢᠪᠷᠠᠢ ᠪᠠᠷ ᠠᠪᠠᠳᠣᠨ 20 ᠂ ᠭᠷᠧᠭ ᠢᠶᠠᠷ ᠠᠫᠣᠯᠦ᠋ᠶᠣᠨ 21 ᠭᠡᠳᠡᠭ᠃

12 ᠠᠩ᠋ᠬᠠᠨ ᠤ ᠭᠠᠢ ᠥᠩᠭᠡᠷᠡᠯ᠎ᠡ᠃ ᠠᠩ᠋ᠬᠠᠷᠤᠭᠲᠤᠨ᠂ ᠡᠳᠡᠭᠡᠷ ᠦᠨ ᠳᠠᠷᠠᠭ᠎ᠠ ᠪᠠᠰᠠ ᠬᠣᠶᠠᠷ ᠭᠠᠢ ᠢᠷᠡᠨ᠎ᠡ︕

13 ᠵᠢᠷᠭᠤᠳᠠᠬᠢ ᠲᠩᠷᠢ ᠡᠯᠴᠢ ᠪᠦᠷᠢᠶ᠎ᠡ ᠪᠡᠨ ᠦᠯᠢᠶᠡᠪᠡ᠂ ᠲᠡᠭᠡᠲᠡᠯ᠎ᠡ ᠪᠤᠷᠬᠠᠨ ᠤ ᠡᠮᠦᠨᠡᠬᠢ ᠠᠯᠲᠠᠨ ᠲᠠᠬᠢᠯ ᠤᠨ ᠰᠢᠷᠡᠭᠡᠨ ᠦ ᠳᠥᠷᠪᠡᠨ ᠡᠪᠡᠷ ᠡᠴᠡ ᠳᠠᠭᠤ ᠭᠠᠷᠴᠤ᠂ 14 ᠪᠦᠷᠢᠶ᠎ᠡ ᠲᠠᠢ ᠵᠢᠷᠭᠤᠳᠠᠬᠢ ᠲᠩᠷᠢ ᠡᠯᠴᠢ ᠳᠤ᠄ 《ᠡᠶᠦ᠋ᠹᠷᠠᠲ᠋ᠧᠰ ᠶᠡᠬᠡ ᠮᠥᠷᠡᠨ ᠳᠦ ᠬᠦᠯᠢᠶᠡᠰᠦᠲᠡᠢ ᠪᠠᠢᠭ᠎ᠠ ᠳᠥᠷᠪᠡᠨ ᠲᠩᠷᠢ ᠡᠯᠴᠢ ᠶᠢ ᠰᠤᠯᠠᠯᠠᠭᠲᠤᠨ︕》 ᠭᠡᠬᠦ ᠶᠢ ᠪᠢ ᠰᠣᠨᠣᠰᠣᠯ᠎ᠠ᠃ 15 ᠲᠡᠭᠡᠭᠡᠳ ᠲᠡᠷᠡ ᠵᠢᠯ᠂ ᠲᠡᠷᠡ ᠰᠠᠷ᠎ᠠ᠂ ᠲᠡᠷᠡ ᠡᠳᠦᠷ᠂ ᠲᠡᠷᠡ ᠴᠠᠭ ᠤᠨ ᠲᠥᠯᠥᠭᠡ ᠪᠡᠯᠡᠳᠬᠡᠭᠳᠡᠭᠰᠡᠨ ᠳᠥᠷᠪᠡᠨ ᠲᠩᠷᠢ ᠡᠯᠴᠢ ᠰᠤᠯᠠᠯᠠᠭᠳᠠᠵᠠᠢ᠃ ᠲᠡᠳᠡ ᠬᠥᠮᠦᠨ ᠲᠥᠷᠥᠯᠬᠢᠲᠡᠨ ᠦ ᠭᠤᠷᠪᠠᠨ ᠤ ᠨᠢᠭᠡ ᠶᠢ ᠠᠯᠠᠬᠤ ᠪᠣᠯᠣᠨ᠎ᠠ᠃ 16 ᠮᠣᠷᠢᠲᠤ ᠴᠡᠷᠢᠭ ᠤᠨ ᠲᠣᠭ᠎ᠠ ᠨᠢ ᠬᠣᠶᠠᠷ ᠲᠦᠮᠡᠨ ᠲᠦᠮᠡ ᠪᠣᠯᠠᠢ᠃ ᠪᠢ ᠲᠡᠳᠡᠨ ᠦ ᠲᠣᠭ᠎ᠠ ᠶᠢ ᠰᠣᠨᠣᠰᠣᠯ᠎ᠠ᠃ 17 ᠦᠵᠡᠭᠳᠡᠯ ᠦᠨ ᠳᠤᠮᠳᠠ ᠬᠠᠷᠠᠭᠰᠠᠨ ᠮᠣᠷᠢᠳ ᠪᠠ ᠤᠨᠤᠭᠴᠢᠳ ᠨᠢ ᠡᠢᠮᠦ ᠪᠣᠯᠠᠢ᠄ ᠡᠯᠢᠭᠡᠪᠴᠢ ᠨᠦᠭᠦᠳ ᠨᠢ ᠭᠠᠯ ᠤᠯᠠᠭᠠᠨ᠂ ᠭᠦᠨ ᠬᠥᠬᠡ᠂ ᠬᠦᠬᠦᠷ ᠮᠡᠲᠦ ᠰᠢᠷ᠎ᠠ᠃ ᠮᠣᠷᠢᠳ ᠤᠨ ᠲᠣᠯᠣᠭᠠᠢ ᠨᠢ ᠠᠷᠰᠯᠠᠨ ᠤ ᠲᠣᠯᠣᠭᠠᠢ ᠮᠡᠲᠦ᠃ ᠮᠣᠷᠢᠳ ᠤᠨ ᠠᠮᠠᠨ ᠠᠴᠠ ᠭᠠᠯ᠂ ᠤᠲᠤᠭ᠎ᠠ ᠪᠠ ᠬᠦᠬᠦᠷ ᠰᠠᠪᠰᠠᠳᠠᠭ᠃ 18 ᠠᠮᠠᠨ ᠠᠴᠠ ᠨᠢ ᠭᠠᠷᠤᠭᠰᠠᠨ ᠭᠠᠯ᠂ ᠤᠲᠤᠭ᠎ᠠ ᠪᠠ ᠬᠦᠬᠦᠷ ᠵᠡᠷᠭᠡ ᠭᠤᠷᠪᠠᠨ ᠭᠠᠮᠰᠢᠭ ᠲᠤ ᠬᠥᠮᠦᠨ ᠲᠥᠷᠥᠯᠬᠢᠲᠡᠨ ᠦ ᠭᠤᠷᠪᠠᠨ ᠤ ᠨᠢᠭᠡ ᠨᠢ ᠠᠯᠠᠭᠳᠠᠵᠠᠢ᠃ 19 ᠮᠣᠷᠢᠳ ᠤᠨ ᠬᠦᠴᠦ ᠠᠮᠠ ᠪᠣᠯᠣᠨ ᠰᠡᠭᠦᠯ ᠳᠦᠨᠢ ᠪᠤᠢ᠃ ᠰᠡᠭᠦᠯ ᠨᠢ ᠮᠣᠭᠠᠢ ᠮᠡᠲᠦ ᠪᠥᠭᠡᠳ ᠲᠣᠯᠣᠭᠠᠢ ᠲᠠᠢ ᠪᠣᠯᠬᠣᠷ ᠲᠣᠯᠣᠭᠠᠢ ᠪᠠᠷ ᠢᠶᠠᠨ ᠬᠣᠣᠷᠯᠠᠳᠠᠭ᠃

20 ᠡᠳᠡᠭᠡᠷ ᠭᠠᠮᠰᠢᠭ ᠤᠳ ᠲᠤ ᠠᠯᠠᠭᠳᠠᠭ᠎ᠠ ᠦᠭᠡᠢ ᠦᠯᠡᠳᠡᠭᠰᠡᠨ ᠬᠥᠮᠦᠰ ᠭᠠᠷ ᠢᠶᠠᠷ ᠢᠶᠠᠨ ᠬᠢᠭᠰᠡᠨ ᠦᠢᠯᠡᠰ ᠲᠡᠭᠡᠨ ᠭᠡᠮᠰᠢᠭᠰᠡᠨ ᠦᠭᠡᠢ᠂ ᠬᠠᠷᠢᠨ ᠴᠢᠳᠬᠥᠷ ᠤᠳ ᠪᠤᠶᠤ ᠬᠠᠷᠠᠵᠤ᠂ ᠰᠣᠨᠣᠰᠴᠤ᠂ ᠠᠯᠬᠤᠵᠤ ᠴᠢᠳᠠᠰᠢ ᠦᠭᠡᠢ ᠠᠯᠲᠠ᠂ ᠮᠥᠩᠭᠥ᠂ ᠬᠦᠷᠡᠯ᠂ ᠴᠢᠯᠠᠭᠤ᠂ ᠮᠣᠳᠣ ᠪᠠᠷ ᠬᠢᠭᠰᠡᠨ ᠰᠢᠲᠦᠭᠡᠨ ᠳᠦ ᠮᠥᠷᠭᠥᠭᠰᠡᠭᠡᠷ᠂ 21 ᠥᠪᠡᠷᠰᠡᠳ ᠦᠨ ᠢᠶᠠᠨ ᠠᠯᠠᠯᠭ᠎ᠠ᠂ ᠶᠧᠯᠸᠢ᠂ ᠰᠠᠳᠤᠷ ᠰᠠᠮᠠᠭᠤᠨ᠂ ᠬᠤᠯᠠᠭᠠᠢᠯᠠᠬᠤ ᠦᠢᠯᠡᠰ ᠲᠦ ᠭᠡᠮᠰᠢᠭᠰᠡᠨ ᠦᠭᠡᠢ᠃